论文信息


题名 ᠪᠢᠯᠠᠭᠤ ᠶᠢᠨ ᠤᠷᠤᠯᠳᠤᠭᠠᠨ ᠤ ᠳᠦᠷᠢᠮ ᠢ ᠨᠦᠬᠦᠪᠦᠷᠢᠯᠡᠨ ᠦᠭᠡᠷᠡᠴᠢᠯᠡᠵᠦ ᠰᠢᠨᠡᠳᠭᠡᠬᠦ ᠲᠤᠬᠠᠢ ᠲᠤᠷᠰᠢᠨ ᠦᠭᠦᠯᠡᠬᠦ ᠨᠢ
作者 ᠡᠯᠪᠡᠷᠢᠯᠲᠦ
关键词 ᠪᠢᠯᠠᠭᠤ; ᠤᠷᠤᠯᠳᠤᠭᠠᠨ ᠤ ᠳᠦᠷᠢᠮ; ᠨᠦᠬᠦᠪᠦᠷᠢᠡᠯᠨ ᠦᠭᠡᠷᠡᠴᠢᠯᠡᠵᠦ ᠰᠢᠨᠡᠳᠭᠡᠬᠦ
摘要 ᠪᠢᠯᠠᠭᠤ ᠪᠤᠯ ᠨᠢᠭᠡ ᠦᠵᠦᠭᠦᠷ ᠨᠢ ᠮᠡᠳᠡᠮᠡᠯ ᠠᠳᠬᠤ ᠪᠦᠳᠦᠭᠦᠨ 6—7 ᠪᠠᠷᠢᠮ᠎ᠠ ᠰᠢᠬᠠᠮ ᠤᠷᠲᠤ (50~60cm)᠂ ᠮᠤᠳᠤ ᠪᠠᠷ ᠦᠢᠯᠡᠳᠦᠭᠰᠡᠨ ᠰᠢᠳᠡᠬᠦ ᠪᠠᠭᠠᠵᠢ ᠪᠤᠯᠤᠨ᠎ᠠ᠃ ᠤᠷᠲᠤ ᠤᠳᠠᠭᠠᠨ ᠲᠡᠦᠬᠡᠨ ᠬᠦᠭᠵᠢᠯᠲᠡ ᠶᠢ ᠦᠩᠭᠡᠷᠡᠭᠡᠭᠡᠳ᠂ ᠠᠩ ᠠᠩᠨᠠᠬᠤ᠂ ᠳᠠᠢᠨ ᠪᠠᠢᠯᠳᠤᠭᠠᠨ ᠤ ᠨᠠᠭᠠᠳᠤᠮ ᠲᠤᠭᠯᠠᠭᠠᠮ ᠤᠨ ᠪᠠᠭᠠᠵᠢ ᠪᠠᠢᠭᠰᠠᠨ ᠪᠢᠯᠠᠭᠤ ᠨᠢ ᠣᠳᠣ ᠪᠤᠯᠬᠤ ᠳᠤ ᠬᠦᠮᠦᠰ ᠦᠨ ᠵᠦᠪᠬᠡᠨ ᠪᠡᠶ᠎ᠡ ᠮᠠᠬᠠᠪᠤᠳ ᠢᠶᠠᠨ ᠴᠢᠭᠢᠷᠠᠭᠵᠢᠭᠤᠯᠬᠤ ᠲᠤᠭᠯᠠᠭᠠᠮ ᠪᠤᠯᠤᠨ ᠬᠤᠪᠢᠷᠠᠨ ᠬᠦᠭᠵᠢᠭᠰᠡᠨ ᠪᠠᠢᠨ᠎ᠠ᠃ ᠲᠡᠷᠡ ᠮᠦᠷᠲᠡᠭᠡᠨ ᠴᠦᠬᠡᠨ ᠲᠤᠭᠠᠲᠤ ᠦᠨᠳᠦᠰᠦᠲᠡᠨ ᠦ ᠤᠯᠠᠮᠵᠢᠯᠠᠯᠲᠤ ᠪᠡᠶ᠎ᠡ ᠲᠠᠮᠢᠷ ᠤᠨ ᠤᠷᠤᠯᠳᠤᠭᠠᠨ ᠤ ᠵᠤᠢᠯ ᠪᠤᠯᠵᠤ ᠦᠨᠳᠦᠰᠦᠲᠡᠨ ᠦ ᠰᠤᠶᠤᠯ ᠪᠠ ᠪᠡᠶ ᠡ ᠲᠠᠮᠢᠷ ᠤᠨ ᠬᠦᠳᠡᠯᠭᠡᠭᠡᠨ ᠦ ᠪᠦᠬᠦ ᠲᠠᠯ᠎ᠠ ᠪᠠᠷ ᠲᠦᠭᠡᠮᠡᠯᠵᠢᠬᠦ ᠳᠦ ᠢᠳᠡᠪᠬᠢ ᠦᠢᠯᠡᠳᠦᠯ ᠦᠵᠡᠭᠦᠯᠵᠦ ᠪᠤᠢ᠃ ᠪᠢᠯᠠᠭᠤ ᠨᠢ ᠣᠯᠠᠨ ᠤᠳᠠᠭᠠᠨ ᠤ ᠤᠷᠤᠯᠳᠤᠭᠠᠨ ᠢᠶᠠᠷ ᠳᠠᠮᠵᠢᠨ ᠪᠢᠯᠠᠭᠤ ᠶᠢᠨ ᠤᠷᠤᠯᠳᠤᠭᠠᠨ ᠤ ᠳᠦᠷᠢᠮ ᠨᠢ ᠵᠠᠷᠢᠮ ᠲᠠᠯ᠎ᠠ ᠪᠠᠷ ᠭᠦᠢᠴᠡᠳ ᠦᠭᠡᠢ ᠵᠤᠢᠯ ᠪᠠᠢᠬᠤ ᠪᠦᠭᠡᠳ ᠤᠷᠤᠯᠳᠤᠭᠠᠨ ᠤ ᠳᠤᠮᠳᠠ ᠦᠷᠭᠦᠯᠵᠢ ᠮᠠᠷᠭᠤᠭᠠᠨ ᠲᠠᠢ ᠦᠵᠡᠭᠳᠡᠯ ᠣᠯᠠᠨ ᠬᠠᠷᠠᠭᠳᠠᠵᠤ ᠪᠠᠢᠳᠠᠭ᠃ ᠡᠨᠡ ᠨᠢ ᠪᠢᠯᠠᠭᠤ ᠶᠢᠨ ᠤᠷᠤᠯᠳᠤᠭᠠᠨ ᠢ ᠦᠷᠨᠢᠭᠦᠯᠬᠦ ᠪᠡ ᠬᠦᠭᠵᠢᠭᠦᠯᠬᠦ ᠳᠦ ᠲᠤᠢᠯ ᠤᠨ ᠠᠰᠢᠭ ᠦᠭᠡᠢ ᠪᠦᠭᠡᠳ ᠬᠠᠷᠰᠢ ᠰᠠᠭᠠᠳ ᠪᠤᠯᠵᠤ ᠪᠤᠢ᠃ ᠡᠢᠮᠦ ᠶᠢᠨ ᠲᠤᠯᠠ ᠲᠤᠰ ᠦᠭᠦᠯᠡᠯ ᠳᠦ ᠮᠠᠲ᠋ᠧᠷᠢᠶᠠᠯ ᠢ ᠡᠮᠬᠢᠳᠭᠡᠬᠦ ᠪᠡ ᠠᠰᠠᠭᠤᠨ ᠰᠤᠷᠪᠤᠯᠵᠢᠯᠠᠬᠤ ᠠᠷᠭ᠎ᠠ ᠪᠠᠷ ᠪᠢᠯᠠᠭᠤ ᠶᠢᠨ ᠤᠷᠤᠯᠳᠤᠭᠠᠨ ᠤ ᠳᠦᠷᠢᠮ ᠢ ᠭᠦᠨ ᠬᠢᠨᠠᠨ ᠰᠤᠳᠤᠯᠤᠭᠰᠠᠨ ᠪᠦᠭᠡᠳ ᠲᠦᠰᠦᠭᠡᠲᠡᠢ ᠬᠠᠮᠢᠶ᠎ᠠ ᠪᠦᠬᠦᠢ ᠤᠷᠤᠯᠳᠤᠭᠠᠨ ᠤ ᠵᠤᠢᠯ ᠤᠨ ᠳᠦᠷᠢᠮ ᠢᠶᠡᠷ ᠬᠢᠨᠠᠯᠲᠠ ᠪᠠ ᠪᠠᠷᠢᠮᠲᠠ ᠪᠤᠯᠭᠠᠨ᠂ ᠪᠢᠯᠠᠭᠤ ᠶᠢᠨ ᠤᠷᠤᠯᠳᠤᠭᠠᠨ ᠤ ᠳᠦᠷᠢᠮ ᠢ ᠤᠯᠠᠮ ᠲᠦᠪ ᠭᠤᠤᠯᠴᠢ ᠪᠤᠯᠭᠠᠵᠤ᠂ ᠮᠠᠷᠭᠤᠭᠠᠨ ᠲᠠᠢ᠂ ᠪᠦᠷᠢᠨ ᠪᠤᠰᠤ ᠵᠤᠢᠯ ᠢ ᠬᠡᠷᠬᠢᠨ ᠨᠦᠬᠦᠪᠦᠷᠢᠯᠡᠬᠦ ᠠᠷᠭ᠎ᠠ ᠮᠠᠶᠢᠭ᠂ ᠰᠠᠨᠠᠯ ᠰᠠᠨᠠᠭᠤᠯᠭ᠎ᠠ ᠪᠠ ᠠᠷᠭ᠎ᠠ ᠪᠠᠷᠢᠯ ᠢ ᠲᠤᠷᠰᠢᠨ ᠦᠭᠦᠯᠡᠭᠰᠡᠨ ᠪᠠᠢᠨ᠎ᠠ᠃
原文 查看原文
出自 中国蒙古学 2016年 第2期

联系我们


内蒙古大学图书馆
呼和浩特市大学西路235号
中国·内蒙古
P: (0471) 4992561
E: huangfeilong@imu.edu.cn