摘要 |
ᠬᠤᠲᠠ ᠪᠠ ᠬᠦᠮᠦᠨ ᠲᠦᠷᠦᠯᠬᠢᠲᠡᠨ ᠦ ᠨᠡᠢ᠌ᠭᠡᠮ ᠦᠨ ᠪᠤᠯᠪᠠᠰᠤᠨ ᠤ ᠬᠦᠭ᠍ᠵᠢᠯᠲᠡ ᠨᠢ ᠬᠤᠭᠤᠷᠤᠨᠳᠤ ᠪᠠᠨ ᠴᠤᠬᠤᠮ ᠶᠠᠮᠠᠷ ᠬᠠᠷᠢᠴᠠᠭ᠎ᠠ ᠲᠠᠢ ᠪᠠᠢ᠌ᠳᠠᠭ ᠲᠤᠬᠠᠢ ᠤᠯᠤᠰ ᠤᠨ ᠳᠤᠲᠤᠭᠠᠳᠤ ᠭᠠᠳᠠᠭᠠᠳᠤ ᠶᠢᠨ ᠡᠷᠳᠡᠮᠲᠡᠳ ᠰᠠᠨᠠᠯ ᠵᠦᠷᠢᠶ᠎ᠡ ᠲᠡᠢ ᠪᠠᠢ᠌ᠭᠰᠠᠭᠠᠷ᠃ ᠦᠭᠦᠯᠡᠯ ᠳᠦ ᠶᠡᠷᠦᠩᠬᠡᠢ ᠳᠦ ᠪᠡᠨ ᠮᠣᠩ᠋ᠭᠤᠯᠴᠤᠳ ᠤᠨ ᠡᠷᠲᠡᠨ ᠦ ᠬᠤᠲᠠ ᠪᠠᠯᠭᠠᠰᠤᠨ ᠤ ᠲᠤᠬᠠᠢ ᠲᠤᠭᠲᠠᠮ ᠦᠭᠦᠯᠡᠵᠦ᠂ 《ᠬᠤᠲᠠ》᠂ 《ᠪᠠᠯᠭᠠᠰᠤ》ᠭᠡᠬᠦ ᠬᠤᠶᠷ ᠦᠭᠡ ᠶᠢᠨ ᠭᠠᠷᠤᠯ ᠪᠠ ᠪᠦᠲᠦᠴᠡ ᠶᠢ ᠮᠣᠩ᠋ᠭᠤᠯ ᠬᠡᠯᠡ ᠪᠡ ᠲᠡᠦᠬᠡ ᠰᠤᠶᠯ ᠤᠨ ᠡᠭᠦᠳᠡᠨ ᠡᠴᠡ ᠮᠦᠰᠬᠢᠨ ᠰᠡᠷᠭᠦᠭᠡᠨ ᠲᠠᠢ᠌ᠯᠪᠤᠷᠢᠠᠬᠤ ᠪᠠᠷ ᠳᠠᠮᠵᠢᠨ ᠮᠣᠩ᠋ᠭᠤᠯ ᠤᠨ ᠨᠭᠦᠳᠡᠯᠴᠢᠳ ᠪᠠᠰᠠ ᠨᠡᠯᠢᠶᠡᠳ ᠤᠷᠲᠤ ᠬᠤᠭᠤᠴᠠᠭᠠᠨ ᠬᠤᠲᠠ ᠪᠠᠯᠭᠠᠰᠤᠨ ᠤ ᠪᠤᠯᠪᠠᠰᠤᠨ ᠲᠡᠦᠬᠡ ᠲᠡᠢ᠂ ᠬᠤᠲᠠ ᠨᠢ ᠠᠩ᠋ᠬᠠᠨ ᠤᠯᠤᠰ ᠤᠨ ᠪᠦᠷᠢᠯᠳᠦᠯ ᠦᠨ ᠲᠡᠮᠳᠡᠭ ᠮᠦᠨ ᠭᠡᠬᠦ ᠣᠨᠣᠯ ᠪᠤᠯ ᠬᠦᠮᠦᠨ ᠲᠦᠷᠦᠯᠬᠢᠲᠡᠨ ᠦ ᠰᠤᠶᠤᠯ ᠪᠤᠯᠪᠠᠰᠤᠨ ᠤ ᠲᠡᠦᠬᠡᠨ ᠳᠦ ᠲᠦᠭᠡᠮᠡ ᠵᠤᠬᠢᠴᠠᠬᠤ ᠰᠤᠷᠭᠠᠯ ᠪᠤᠯᠵᠤ ᠴᠢᠳᠠᠬᠤ ᠦᠭᠡᠢ ᠭᠡᠰᠡᠨ ᠦᠵᠡᠯᠲᠡ ᠶᠢ ᠳᠡᠪᠰᠢᠭᠦᠯᠵᠡᠢ᠃ |