题名 |
ᠮᠣᠩ᠋ᠭᠤᠯ ᠠᠨᠠᠭᠠᠬᠤ ᠤᠬᠠᠭᠠᠨ ᠤ ᠦᠨᠳᠦᠰᠦᠨ ᠡᠪᠡᠳᠴᠢᠨ ᠪᠡ ᠦᠨᠳᠦᠰᠦᠨ ᠡᠪᠡᠳᠴᠢᠨ ᠦ ᠢᠯᠭᠠᠪᠤᠷᠢᠯᠠᠯ ᠤᠨ ᠲᠤᠬᠠᠢ ᠰᠤᠳᠤᠯᠭᠠᠨ ᠤ ᠲᠤᠢ᠌ᠮᠤ |
作者 |
ᠪᠤᠤ ᠬᠠᠢ ᠯᠠᠨ |
关键词 |
ᠮᠣᠩ᠋ᠭᠤᠯ ᠠᠨᠠᠭᠠᠬᠤ ᠤᠬᠠᠭᠠᠨ; ᠦᠨᠳᠦᠰᠦᠨ ᠡᠪᠡᠳᠴᠢᠨ; ᠦᠨᠳᠦᠰᠦᠨ ᠡᠪᠡᠳᠴᠢᠨ ᠦ ᠢᠯᠭᠠᠪᠤᠷᠢᠯᠠᠯ |
摘要 |
ᠵᠤᠬᠢᠶᠠᠯ ᠳᠤ ᠮᠣᠩ᠋ᠭᠤᠯ ᠠᠨᠠᠭᠠᠬᠤ ᠤᠬᠠᠭᠠᠨ ᠤ ᠣᠨᠣᠯ ᠤᠨ ᠰᠢᠰᠲ᠋ᠧᠮ ᠦᠨ ᠴᠢᠬᠤᠯᠠ ᠪᠦᠷᠢᠯᠳᠦᠭᠦᠨ ᠬᠡᠰᠡᠭ ᠪᠤᠯᠬᠤ ᠦᠨᠳᠦᠰᠦᠨ ᠡᠪᠡᠳᠴᠢᠨ ᠦ ᠣᠨᠣᠯ ᠪᠠ ᠦᠨᠳᠦᠰᠦᠨ ᠡᠪᠡᠳᠴᠢᠨ ᠢ ᠢᠯᠭᠠᠪᠤᠷᠢᠯᠠᠨ ᠰᠢᠨᠵᠢᠯᠡᠬᠦ ᠣᠨᠣᠯ ᠤᠨ ᠲᠤᠬᠠᠢ ᠰᠤᠳᠤᠯᠤᠨ ᠬᠤᠷᠢᠶᠠᠩ᠋ᠭᠤᠢ᠌ᠯᠠᠵᠤ᠂ ᠲᠡᠭᠦᠨ ᠦ ᠲᠤᠬᠠᠢ ᠤᠯᠠᠮ ᠨᠢᠭᠡ ᠠᠯᠬᠤᠮ ᠭᠦᠨᠵᠡᠭᠡᠢ ᠣᠢ᠌ᠯᠠᠭᠠᠯᠲᠠ ᠲᠠᠢ ᠪᠤᠯᠬᠤ ᠶᠢ ᠵᠤᠷᠢᠪᠠ᠃ ᠡᠭᠦᠨ ᠳᠦ ᠭᠤᠤᠯᠳᠠᠭᠤ ᠡᠷᠲᠡᠨ ᠦ ᠰᠤᠷᠪᠤᠯᠵᠢ ᠪᠢᠴᠢᠭ᠌ ᠦᠳ ᠦᠨ ᠳᠤᠲᠤᠷ᠎ᠠ ᠠᠴᠠ 《ᠠᠨᠠᠭᠠᠬᠤ ᠤᠬᠠᠭᠠᠨ ᠤ ᠳᠦᠷᠪᠡᠨ ᠦᠨᠳᠦᠰᠦ》ᠪᠡ ᠲᠡᠭᠦᠨ ᠦ ᠲᠠᠢ᠌ᠯᠪᠤᠷᠢ ᠨᠦᠯᠦᠪᠦᠷᠢ ᠵᠤᠬᠢᠶᠠᠯ ᠤᠳ ᠲᠤ ᠬᠡᠢ᠂ ᠰᠢᠷ᠎ᠠ᠂ ᠪᠠᠳ᠌ᠭᠠᠨ ᠭᠤᠷᠪᠠᠨ ᠭᠡᠮ ᠪᠡ ᠭᠡᠮ ᠢ ᠰᠢᠨᠵᠢᠯᠡᠬᠦ ᠲᠠᠯ᠎ᠠ ᠪᠠᠷ 《ᠳᠦᠷᠪᠡᠨ ᠷᠠᠰᠢᠶᠠᠨ》᠋ ᠳᠤ᠂ ᠬᠡᠢ᠂ ᠰᠢᠷ᠎ᠠ᠂ ᠪᠠᠳ᠌ᠭᠠᠨ᠂ ᠴᠢᠰᠦ᠂ ᠰᠢᠷ᠎ᠠ ᠤᠰᠤ᠂ ᠬᠤᠷᠤᠬᠠᠢ ᠨᠢᠶᠠᠨ ᠵᠡᠷᠭᠡ ᠦᠨᠳᠦᠰᠦᠨ ᠵᠢᠷᠭᠤᠭᠠᠨ ᠡᠪᠡᠳᠴᠢᠨ ᠪᠡ ᠦᠨᠳᠦᠰᠦᠨ ᠡᠪᠡᠳᠴᠢᠨ ᠦ ᠢᠯᠭᠠᠪᠤᠷᠢ ᠶᠢ ᠣᠯᠬᠤ ᠲᠠᠯ᠎ᠠ ᠪᠠᠷ ᠳᠡᠯᠭᠡᠨ ᠦᠵᠡᠭᠦᠯᠵᠡᠢ᠃ ᠡᠭᠦᠨ ᠦ ᠬᠠᠮᠲᠤ ᠴᠢᠭᠴᠢᠲᠦ ᠶᠢᠨ ᠡᠪᠡᠳᠴᠢᠨ ᠦ ᠰᠢᠨᠵᠢ ᠲᠡᠮᠳᠡᠭ ᠢ ᠵᠠᠳᠠᠯᠤᠨ ᠰᠢᠨᠵᠢᠯᠡᠬᠦ ᠶᠢᠨ ᠰᠠᠭᠤᠷᠢ ᠳᠡᠭᠡᠷ᠎ᠡ ᠪᠦᠷᠢᠯᠳᠦᠰᠡᠨ ᠦᠨᠳᠦᠰᠦᠨ ᠡᠪᠡᠳᠴᠢᠨ ᠢ ᠢᠯᠭᠠᠨ ᠰᠢᠨᠵᠢᠯᠡᠬᠦ ᠦᠵᠡᠯᠲᠡ ᠪᠡ ᠪ᠂ ᠵᠢᠭᠮᠡᠳ ᠦᠨ ᠰᠢᠯᠲᠠᠭᠠᠨ ᠪᠠ ᠡᠪᠡᠳᠴᠢᠯᠡᠬᠦ ᠶᠤᠰᠤᠨ ᠤ ᠡᠭᠦᠳᠡᠨ ᠡᠴᠡ ᠦᠨᠳᠦᠰᠦᠨ ᠡᠪᠡᠳᠴᠢᠨ ᠣᠨᠣᠯ ᠢᠶᠠᠷ ᠢᠯᠭᠠᠨ ᠰᠢᠨᠵᠢᠯᠡᠬᠦ ᠦᠵᠡᠯᠲᠡ ᠶᠢ ᠲᠠᠢ᠌ᠯᠪᠤᠷᠢᠯᠠᠬᠤ ᠪᠠᠷ ᠳᠠᠮᠵᠢᠨ᠂ ᠮᠣᠩ᠋ᠭᠤᠯ ᠠᠨᠠᠭᠠᠬᠤ ᠤᠬᠠᠭᠠᠨ ᠤ ᠦᠨᠳᠦᠰᠦᠨ ᠡᠪᠡᠳᠴᠢᠨ ᠪᠡ ᠦᠨᠳᠦᠰᠦᠨ ᠡᠪᠡᠳᠴᠢᠨ ᠦ ᠢᠯᠭᠠᠪᠤᠷᠢᠯᠠᠯ ᠤᠨ ᠣᠨᠣᠯ ᠪᠤᠯ ᠡᠪᠡᠳᠴᠢᠨ ᠡᠮᠬᠡᠭ᠌ ᠢ ᠣᠨᠣᠰᠢᠯᠠᠨ ᠵᠠᠰᠠᠬᠤ ᠶᠢᠨ ᠵᠢᠯᠤᠭᠤᠳᠬᠤ ᠴᠢᠨᠠᠷᠲᠠᠢ ᠣᠨᠣᠯ ᠪᠤᠯᠬᠤ ᠶᠢ ᠵᠢᠭᠠᠨ ᠭᠠᠷᠭᠠᠵᠤ᠂ ᠲᠡᠭᠦᠨ ᠦ ᠣᠨᠣᠯ ᠡᠮᠴᠢᠯᠡᠭᠡ ᠳᠦ ᠦᠵᠡᠭᠦᠯᠦᠭᠰᠡᠨ ᠦᠢᠯᠡᠳᠦᠯ ᠢ ᠳᠤᠪᠤᠢ᠌ᠯᠭᠠᠵᠠᠢ᠃ |
原文 |
查看原文
|
出自 |
内蒙古民族大学学报(自然科学)
2013年
第2期
|