摘要 |
ᠤᠯᠠᠨ ᠤ ᠮᠡᠳᠡᠭᠡᠵᠢ ᠪᠡᠷ ᠤᠢᠷᠠᠳᠴᠤᠳ ᠪᠣᠯ 《ᠤᠢ ᠶᠢᠨ ᠢᠷᠭᠡᠨ》 ᠭᠠᠷᠤᠯᠲᠠᠢ ᠠᠩᠴᠢᠨ᠂ ᠮᠠᠯᠴᠢᠨ ᠦᠨᠳᠦᠰᠦᠲᠡᠨ ᠶᠣᠮ᠃ ᠲᠡᠳᠡᠨ ᠤ ᠰᠣᠶᠣᠯ ᠪᠣᠯᠪᠠᠰᠤᠨ ᠤ ᠡᠬᠢᠨ ᠤ ᠴᠡᠭ ᠨᠢ ᠤᠢ ᠶᠢᠨ ᠠᠩᠴᠢᠨ ᠮᠠᠯᠴᠢ ᠤ ᠠᠮᠢᠳᠤᠷᠠᠯ ᠤᠨ ᠡᠬᠢᠨ ᠤ ᠴᠡᠭ ᠮᠦᠨ᠃ ᠲᠡᠳᠡ ᠠᠩ ᠬᠦᠷᠦᠭᠡ ᠪᠠ ᠮᠠᠯᠵᠢᠯ ᠢᠢᠡᠨ ᠠᠵᠤ ᠠᠮᠢᠳᠤᠷᠠᠯ ᠪᠠ ᠰᠣᠶᠣᠯ ᠤᠷᠠᠯᠢᠭ ᠢᠢᠡᠨ ᠡᠬᠢᠯᠡᠭᠰᠡᠨ ᠶᠣᠮ᠃ ᠡᠢᠮᠦ ᠡᠴᠡ ᠲᠡᠳᠡᠨ ᠤ ᠢᠳᠡᠵᠦ ᠡᠮᠦᠰᠬᠦ᠂ ᠡᠳ᠋ᠯᠡᠵᠦ ᠬᠡᠷᠡᠭᠡᠯᠬᠦ᠂ ᠰᠠᠨᠠᠵᠤ ᠰᠣᠨᠢᠷᠬᠠᠬᠤ ᠪᠣᠳᠠᠰ ᠤᠨ ᠪᠠ ᠤᠶᠣᠨ ᠤ ᠪᠤᠢ ᠪᠦᠬᠦᠢ ᠰᠣᠶᠣᠯ ᠴᠦᠮ ᠤᠢ ᠶᠢᠨ ᠠᠷᠢᠶᠠᠳᠠᠨ ᠠᠮᠢᠲᠠᠨ ᠪᠠ ᠮᠠᠯ ᠤᠨ ᠠᠷᠠᠰᠤ ᠨᠤᠤᠰᠤ᠂ ᠶᠠᠰᠤ ᠮᠢᠬ ᠠ ᠲᠠᠢ ᠬᠤᠯᠪᠤᠭᠳᠠᠨ ᠠᠭᠦᠰᠴᠦ᠂ ᠬᠦᠭᠵᠢᠨ ᠤᠯᠠᠮᠵᠢᠯᠠᠵᠤ ᠤᠳᠤᠨ ᠪᠣᠯᠤᠭᠰᠨ ᠶᠣᠮ᠃ ᠳᠠᠰᠰᠤᠨ ᠤ ᠮᠣᠩᠭᠤᠯ ᠤᠨ ᠲᠡᠦᠬᠡ ᠳ᠋ᠤ ᠮᠣᠩᠭᠤᠯᠴᠤᠳ ᠤᠨ《ᠭᠡᠷ ᠤᠨ ᠲᠡᠵᠢᠭᠡᠪᠦᠷᠢ ᠳ᠋ᠤ ᠲᠡᠮᠡᠭᠡ᠂ ᠦᠭᠡᠷ ᠂ ᠬᠤᠨᠢ ᠢᠮᠠᠭ᠎ᠠ᠂ ᠮᠤᠷᠢ ᠪᠠᠢᠳᠠᠭ᠃ ᠡᠳᠡᠭᠡᠷ ᠮᠠᠯ ᠨᠢ ᠲᠡᠳᠡᠨ0ᠤ ᠬᠡᠷᠡᠭᠴᠡᠭᠡ ᠵᠢ ᠬᠠᠩᠭᠠᠵᠤ ᠪᠠᠢᠳᠠᠭ᠃ ᠮᠠᠯ ᠤᠨ ᠢᠢᠡᠨ ᠠᠷᠠᠰᠤ ᠰᠢᠷᠢ ᠪᠡᠷ ᠡᠮᠦᠰᠬᠦ ᠬᠤᠪᠴᠠᠰᠤᠬᠢᠵᠦ᠂ ᠦᠰᠦ ᠨᠤᠤᠰᠤ ᠪᠡᠷ ᠢᠰᠡᠭᠡᠢ ᠵᠤᠯᠤᠵᠤ ᠲᠡᠭᠡᠰᠦ ᠲᠠᠮᠤᠨ᠎ᠠ》 ᠭᠡᠵᠦ ᠲᠡᠮᠳᠡᠭᠯᠡᠵᠦ ᠪᠤᠢ᠃ ᠲᠡᠭᠡᠰᠦ ᠮᠣᠩᠭᠤᠯᠴᠤᠳ ᠤᠨ ᠠᠮᠢᠳᠤᠷᠠᠯ ᠳ᠋ᠤ ᠲᠤᠳᠠᠵᠤ ᠡᠰᠡ ᠪᠣᠯᠬᠤ ᠴᠢᠬᠤᠯᠠ ᠨᠢᠭᠡᠨ ᠭᠡᠷᠡᠭᠰᠡᠯᠮᠦᠨ᠃ ᠮᠦᠨ ᠴᠦ ᠦᠪᠡᠷᠮᠢᠴᠡ ᠣᠨᠴᠠᠯᠢᠭ ᠲᠠᠢ ᠭᠠᠷ ᠤᠷᠠᠯᠠᠯ᠂ ᠤᠷᠠᠯᠢᠭ ᠤᠨ ᠪᠦᠲᠦᠭᠡᠯ ᠮᠦᠨ᠃ ᠮᠣᠩᠭᠤᠯ ᠰᠣᠶᠣᠯ ᠤᠨ ᠲᠤᠮᠤ ᠮᠣᠳᠤᠨ ᠤ ᠵᠠᠬ ᠠ ᠶᠢᠨ ᠨᠢᠭᠡᠨ ᠮᠦᠴᠢᠷ ᠮᠡᠳᠦ ᠲᠡᠭᠡᠰᠦᠨ ᠭᠡᠷᠡᠭᠰᠡᠯ ᠵᠢᠴᠢ ᠲᠡᠭᠦᠨ ᠤ ᠤᠷ ᠠ ᠤᠷᠠᠯᠢᠭ ᠢ ᠰᠣᠶᠣᠯ ᠤᠨ ᠡᠭᠦᠳᠡᠨ ᠡᠴᠡ ᠲᠠᠨᠢᠨ ᠪᠠᠷᠢᠮᠵᠢᠶᠠᠯᠠᠵᠤ ᠶᠠᠪᠤᠳᠠᠯ ᠲᠤᠳᠠᠭᠤ ᠣᠷᠬᠢᠭᠳᠠᠵᠤ ᠪᠣᠯᠤᠰᠢ ᠦᠭᠡᠢ ᠮᠡᠳᠦ᠃ |