摘要 |
ᠦᠭᠦᠯᠡᠯ [1] ᠳᠤ 《ᠶᠠᠩ ᠾᠦᠢ ᠭᠤᠷᠪᠠᠯᠵᠢᠨ》 ᠤ ᠲᠤᠳᠤᠷᠠᠬᠢ ᠲᠤᠳᠤᠷᠠᠭ᠋ᠤᠯᠤᠭᠴᠢ ᠨᠢ 1 ᠲᠠᠢ ᠲᠡᠩᠴᠡᠭᠦᠦ ᠬᠤᠶᠠᠷ ᠵᠤᠢᠯ ᠤᠨ 1 ᠬᠡᠯᠪᠡᠷᠢ ᠪᠤᠯᠤᠨ Ⅱ ᠬᠡᠯᠪᠡᠷᠢ ᠶᠢᠨ ᠲᠤᠳᠤᠷᠠᠭ᠋ᠤᠯᠤᠭᠴᠢ ᠶᠢ ᠦᠭᠭᠦᠭᠳᠡᠭᠰᠡᠨ ᠪᠦᠭᠡᠳ ᠪᠠᠰᠠ ᠲᠤᠳᠤᠷᠠᠭ᠋ᠤᠯᠤᠭᠴᠢ ᠨᠢ 1 ᠲᠠᠢ ᠲᠡᠩᠴᠡᠭᠦᠦ ᠪᠤᠯᠬᠤ Ⅱ ᠬᠡᠯᠪᠡᠷᠢ᠂ N ᠬᠡᠯᠪᠡᠷᠢ ᠶᠢᠨ ᠲᠤᠳᠤᠷᠠᠭ᠋ᠤᠯᠤᠭᠴᠢ ᠪᠠᠢᠬᠤ ᠡᠰᠡᠭᠦ ᠳᠦ ᠠᠰᠠᠭ᠋ᠤᠯᠲᠠ ᠲᠠᠯᠪᠢᠭᠰᠠᠨ ᠪᠠᠢᠨ᠎ᠠ᠃ ᠲᠤᠰ ᠦᠭᠦᠯᠡᠯ ᠳᠦ ᠬᠢᠵᠠᠭ᠋ᠠᠷᠲᠤ ᠢᠯᠭ᠋ᠠᠪᠤᠷᠢ ᠶᠢᠨ ᠲᠤᠳᠤᠷᠬᠠᠢᠯᠠᠯᠲᠠ ᠶᠢ ᠬᠡᠷᠡᠭᠯᠡᠨ᠂ 《ᠶᠠᠩ ᠾᠦᠢ ᠭᠤᠷᠪᠠᠯᠵᠢᠨ》 ᠤ ᠳᠤᠲᠤᠷ᠎ᠠ ᠬᠡᠮᠵᠢᠭᠳᠡᠯ ᠨᠢ 1 ᠲᠠᠢ ᠲᠡᠩᠴᠡᠭᠦᠦ ᠪᠤᠯᠬᠤ ᠨᠢᠭᠡᠨ ᠲᠤᠢᠯ ᠤᠨ ᠲᠤᠳᠤᠷᠠᠭ᠋ᠤᠯᠤᠭᠴᠢ ᠶᠢ ᠪᠠᠢᠭ᠋ᠤᠯᠵᠤ᠂ ᠢᠩᠭᠢᠭᠡᠳ ᠦᠭᠦᠯᠡᠯ [1] ᠶᠢᠨ ᠬᠡᠯᠪᠡᠷᠢ᠂ Ⅱ ᠬᠡᠯᠪᠡᠷᠢ ᠶᠢᠨ ᠬᠤᠶᠠᠷ ᠵᠤᠢᠯ ᠤᠨ ᠲᠤᠳᠤᠷᠠᠭ᠋ᠤᠯᠤᠭ᠋ᠤᠢ ᠶᠢ ᠨᠢᠭᠡᠳᠭᠡᠭᠰᠡᠨ ᠪᠡᠷ ᠦᠯᠦ ᠪᠠᠷᠠᠨ ᠦᠭᠦᠯᠡᠯ [3] ᠶᠢᠨ ᠴᠢᠬᠤᠯᠠ ᠦᠷ᠎ᠡ ᠳ᠋ᠦᠩ ᠢ ᠬᠠᠯᠠᠨ ᠰᠠᠢᠵᠢᠷᠠᠭ᠋ᠤᠯᠤᠭᠰᠠᠨ ᠪᠠᠢᠨ᠎ᠠ᠃ |