题名 |
ᠤᠳᠤ ᠦᠶ᠎ᠡ ᠶᠢᠨ ᠬᠡᠯᠡᠨ ᠤ ᠬᠡᠪ ᠰᠢᠨᠵᠢ ᠰᠤᠳᠤᠯᠤᠯ ᠤᠨ ᠠᠷᠭ᠎ᠠ ᠪᠠᠷ ᠮᠤᠩᠭ᠋ᠤᠯ ᠬᠡᠯᠡ ᠵᠢ ᠲᠤᠷᠰᠢᠨ ᠰᠢᠨᠵᠢᠯᠡᠬᠦ ᠨᠢ |
作者 |
ᠬᠠᠰᠤᠨᠳᠤᠶᠠᠭᠠ |
关键词 |
ᠬᠡᠪ ᠰᠢᠨᠵᠢ ᠰᠤᠳᠤᠯᠤᠯ; ᠨᠠᠢ᠋ᠳᠡᠯᠢᠭ ᠰᠢᠨᠵᠢ; ᠠᠭᠤᠯᠤᠭᠳᠠᠬᠤ ᠨᠠᠢ᠋ᠳᠡᠯᠢᠭ ᠰᠢᠨᠵᠢ; ᠯᠠᠪᠯᠠᠬᠤ ᠵᠤᠷᠪᠤᠰ(ᠫᠠᠷᠠᠮᠸᠲ᠋ᠷ) |
摘要 |
ᠬᠡᠯᠡᠨ ᠤ ᠬᠡᠪ ᠰᠢᠨᠵᠢ ᠰᠤᠳᠤᠯᠤᠯ ᠢ ᠤᠯᠠᠮᠵᠢᠯᠠᠯᠳᠤ ᠬᠡᠯᠡᠨ ᠤ ᠬᠡᠪ ᠰᠢᠨᠵᠢ ᠰᠤᠳᠤᠯᠤᠯ ᠬᠢᠭᠡᠳ ᠤᠳᠤ ᠦᠶ᠎ᠡ ᠶᠢᠨ ᠬᠡᠯᠡᠨ ᠤ ᠬᠡᠪ ᠰᠢᠨᠵᠢ ᠰᠤᠳᠤᠯᠤᠯ ᠬᠡᠵᠦ ᠬᠤᠶᠠᠷ ᠬᠤᠪᠢᠶᠠᠳᠠᠭ᠃ ᠤᠳᠤ ᠦᠶ᠎ᠡ ᠶᠢᠨ ᠬᠡᠯᠡᠨ ᠤ ᠬᠡᠪ ᠰᠢᠨᠵᠢ ᠰᠤᠳᠤᠯᠤᠯ ᠨᠢ ᠲᠦᠷᠦᠬᠦᠤ ᠵᠠᠭᠤᠨ ᠤ ᠵᠢᠷᠠᠭᠠᠳ ᠤᠨ ᠡᠴᠨ ᠡᠬᠢᠯᠡᠵᠦ ᠡᠸᠷᠦ᠋ᠫᠡ᠂ ᠠᠮᠸᠷᠢᠺᠠ ᠳᠤ ᠦᠷᠨᠢᠨ ᠬᠦᠭ᠍ᠵᠢᠭᠡᠳ᠂ ᠨᠠᠶᠠ ᠶᠡᠷᠡᠭᠡᠳ ᠤᠨ ᠤ ᠦᠶ᠎ᠡ ᠪᠡᠷ ᠲᠤᠮᠳᠠᠳᠤ ᠤᠯᠤᠰ ᠲᠤ ᠨᠡᠪᠳᠡᠷᠡᠨ ᠤᠷᠤᠵᠦ ᠢᠷᠡᠭᠰᠡᠨ ᠪᠠᠢ᠋ᠨ᠎ᠠ᠃ ᠮᠤᠩᠭ᠋ᠤᠯ ᠬᠡᠯᠡᠨ ᠤ ᠬᠡᠪ ᠰᠢᠨᠵᠢ ᠰᠤᠳᠤᠯᠤᠯ ᠮᠦᠨ ᠠᠩᠭᠠᠨ ᠤ ᠱᠠᠳᠤᠨ ᠳᠤ ᠪᠠᠨ ᠪᠠᠢ᠋ᠵᠦ᠂ ᠬᠦᠭ᠍ᠵᠢᠯᠳᠡ ᠨᠢ ᠬᠠᠷᠢᠴᠠᠩᠭ᠋ᠤᠢ ᠬᠤᠴᠤᠷᠤᠩᠭ᠋ᠤᠢ ᠪᠠᠢ᠋ᠭᠰᠠᠭᠠᠷ᠃ ᠲᠤᠰ ᠦᠬᠦᠯᠡᠯ ᠳᠤ ᠤᠳᠤ ᠦᠶ᠎ᠡ ᠶᠢᠨ ᠬᠡᠯᠡᠨ ᠤ ᠬᠡᠪ ᠰᠢᠨᠵᠢ ᠰᠤᠳᠤᠯᠤᠯ ᠤᠨ ᠦᠨᠳᠤᠰᠤᠨ ᠠᠭᠤᠯᠭ᠎ᠠ ᠵᠢ ᠲᠦᠭᠦᠮ ᠲᠠᠨᠢᠯᠴᠠᠭᠤᠯᠬᠤ ᠶᠢᠨ ᠬᠠᠮᠳᠤ᠂ ᠮᠤᠩᠭ᠋ᠤᠯ ᠬᠡᠯᠡᠨ ᠤ ᠬᠤᠯᠪᠤᠭᠳᠠᠬᠤ ᠵᠠᠷᠢᠮ ᠠᠰᠠᠭᠤᠳᠠᠯ ᠳᠤ ᠤᠳᠤ ᠦᠶ᠎ᠡ ᠶᠢᠨ ᠬᠡᠯᠡᠨ ᠤ ᠬᠡᠪ ᠰᠢᠨᠵᠢ ᠰᠤᠳᠤᠯᠤᠯ ᠤᠨ ᠠᠷᠭ᠎ᠠ ᠪᠠᠷ ᠲᠤᠷᠰᠢᠨ ᠰᠢᠨᠵᠢᠯᠡᠪᠡ᠃ |
原文 |
查看原文
|
出自 |
内蒙古大学学报
2017年
第3期
|