摘要 |
《ᠯᠾᠠᠠᠲ᠋ᠠᠨᠪ》 ᠪᠤᠯ ᠳ᠋ᠸᠰᠠᠷᠢᠳ᠂ ᠰᠠᠩᠵᠠᠢᠵᠠᠮᠰᠤ ᠶᠢᠨ 1691ᠣᠨ ᠳᠤ ᠵᠣᠬᠢᠶᠠᠭᠰᠠᠨ 133 ᠪᠦᠯᠦᠭ ᠲᠠᠢ᠂40ᠭᠠᠷᠤᠢ ᠲᠦᠮᠡᠨ ᠦᠰᠦᠭ ᠲᠠᠢ᠂ ᠲᠦᠪᠡᠳ ᠠᠨᠠᠭᠠᠬᠤ ᠤᠬᠠᠭᠠᠨ ᠤ ᠲᠤᠯᠭᠠᠭᠤᠷᠢ ᠪᠢᠴᠢᠭ ᠪᠤᠯᠬᠤ《ᠠᠨᠠᠭᠠᠬᠤ ᠤᠬᠠᠭᠠᠨ ᠤ ᠲᠦᠷᠪᠡᠨ ᠦᠨᠳᠦᠰᠦ》 ᠶᠢᠨ ᠭᠤᠷᠪᠠᠳᠤᠭᠠᠷ ᠪᠦᠯᠦᠭ《ᠤᠪᠳᠢᠰ ᠤᠨ ᠦᠨᠳᠦᠰᠦ》 ᠳ᠋ᠤ ᠨᠦᠬᠦᠪᠦᠷᠢ ᠲᠠᠢᠯᠪᠤᠷᠢ ᠬᠢᠭᠰᠡᠨ ᠡᠮᠴᠢᠯᠡᠭᠡᠨ ᠤ ᠲᠤᠰᠬᠠᠢ ᠪᠦᠲᠦᠣᠯ ᠪᠤᠯᠤᠨ᠎ᠠ᠃《ᠯᠾᠠᠠᠲ᠋ᠠᠨᠪ》18 ᠳ᠋ᠤᠭᠠᠷ ᠵᠠᠭᠤᠨ ᠳ᠋ᠤ ᠮᠣᠩᠭᠤᠯ ᠤᠷᠤᠨ ᠳ᠋ᠤ ᠤᠯᠠᠮᠵᠢᠯᠠᠭᠲᠠᠨ ᠮᠣᠩᠭᠤᠯᠴᠢᠯᠠᠭᠳᠠᠭᠰᠠᠨ ᠡᠴᠡ ᠡᠳᠦᠭᠡ ᠪᠤᠯᠳᠠᠯ ᠠ300 ᠭᠠᠷᠤᠢ ᠵᠢᠯ ᠤᠨ ᠲᠤᠷᠰᠢ ᠮᠣᠩᠭᠤᠯ ᠠᠨᠠᠭᠠᠬᠤ ᠤᠬᠠᠭᠠᠨ ᠰᠤᠷᠴᠤ ᠰᠣᠳᠤᠯᠬᠤ ᠪᠠ ᠡᠮᠴᠢᠯᠡᠭᠡᠨ ᠳ᠋ᠤ ᠴᠢᠬᠤᠯᠠ ᠰᠤᠷᠪᠤᠯᠵᠢ ᠬᠡᠷᠡᠭᠯᠡᠭᠳᠡᠬᠦᠨ ᠪᠤᠯᠤᠭᠰᠠᠭᠠᠷ ᠢᠷᠡᠵᠡᠢ᠃ ᠲᠤᠰ ᠦᠭᠦᠯᠡᠯ ᠳ᠋ᠤ《ᠯᠾᠠᠠᠲ᠋ᠠᠪ》 ᠤᠨ ᠰᠣᠳᠤᠯᠭᠠᠨ ᠤ ᠪᠠᠢᠳᠠᠯ ᠵᠢᠴᠢ ᠤᠷᠴᠢᠭᠤᠯᠭ᠎ᠠ ᠶᠢᠨ ᠲᠣᠬᠠᠢ ᠲᠦᠭᠦᠮ ᠦᠭᠦᠯᠡᠪᠡ᠃ |