论文信息


题名 ᠵᠡᠭᠦᠨ ᠣᠷᠤᠨ ᠤ ᠮᠣᠩᠭᠤᠯᠴᠤᠳ ᠤᠨ ᠱᠠᠰᠢᠨ ᠰᠢᠲᠦᠯᠭᠡ ᠶᠢᠨ ᠣᠳᠣᠬᠢ ᠪᠠᠢᠳᠠᠯ ᠤᠨ ᠪᠠᠢᠴᠠᠭᠠᠨ ᠵᠠᠳᠠᠯᠤᠯᠲᠠ — ᠠᠷᠪᠠᠨ ᠬᠤᠶᠠᠷ ᠭᠠᠴᠠᠭ᠎ᠠ᠂ ᠭᠤᠷᠪᠠᠨ ᠰᠦᠮ᠎ᠡ ᠳᠦ ᠬᠢᠭᠰᠡᠨ ᠬᠡᠭᠡᠷ᠎ᠡ ᠶᠢᠨ ᠰᠢᠨᠵᠢᠯᠡᠭᠡᠨ
作者 ᠮᠧᠢ ᠬᠤᠸᠠ
关键词 ᠵᠡᠭᠦᠨ ᠣᠷᠤᠨ ᠤ ᠮᠣᠩᠭᠤᠯᠴᠤᠳ; ᠱᠠᠰᠢᠨ ᠰᠢᠲᠦᠯᠭᠡ; ᠣᠳᠣᠬᠢ ᠪᠠᠢᠳᠠᠯ
摘要 ᠬᠡᠭᠡᠷ᠎ᠡ ᠶᠢᠨ ᠰᠢᠨᠵᠢᠯᠡᠭᠡᠨ ᠦ ᠪᠠᠢᠴᠠᠭᠠᠯᠲᠠ ᠶᠢ ᠦᠨᠳᠦᠰᠦᠯᠡᠪᠡᠯ ᠵᠡᠭᠦᠨ ᠣᠷᠤᠨ ᠤ ᠮᠣᠩᠭᠤᠯᠴᠤᠳ ᠤᠨ ᠰᠢᠲᠦᠵᠦ ᠪᠠᠢᠭ᠎ᠠ ᠱᠠᠰᠢᠨ ᠤ ᠬᠤᠪᠢ ᠳᠤ᠂ ᠪᠤᠷᠬᠠᠨ ᠤ ᠱᠠᠰᠢᠨ ᠢᠶᠠᠷ ᠭᠤᠤᠯᠳᠠᠵᠤ᠂ ᠣᠯᠠᠨ ᠱᠠᠰᠢᠨ ᠤ ᠰᠢᠲᠦᠭᠡᠨ ᠪᠡ ᠵᠠᠩ ᠦᠢᠯᠡ ᠶᠢ ᠰᠢᠩᠭᠡᠭᠡᠭᠰᠡᠨ ᠨᠡᠢᠯᠡᠭ ᠰᠢᠨᠵᠢ ᠲᠡᠢ ᠬᠤᠪᠢᠷᠠᠯᠲᠠ ᠡᠭᠦᠰᠴᠦ ᠪᠠᠢᠭ᠎ᠠ ᠪᠦᠭᠡᠳ ᠪᠤᠰᠤᠳ ᠱᠠᠰᠢᠨ ᠤ ᠵᠠᠩᠭᠢᠯᠠᠭ᠎ᠠ ᠶᠢᠨ ᠴᠢᠨᠠᠷᠲᠠᠢ ᠨᠡᠷᠡᠰ ᠦᠭᠡ ᠶᠢ ᠤᠳᠬ᠎ᠠ ᠬᠤᠪᠢᠷᠠᠭᠤᠯᠤᠨ ᠰᠢᠯᠵᠢᠭᠦᠯᠦᠨ ᠬᠡᠷᠡᠭᠯᠡᠬᠦ ᠪᠡᠷ ᠳᠠᠮᠵᠢᠨ ᠦᠪᠡᠷ ᠦᠨ ᠱᠠᠰᠢᠨ ᠤ ᠪᠠᠨ ᠨᠡᠷ᠎ᠡ ᠨᠦᠯᠦᠭᠡ ᠶᠢ ᠬᠡᠬᠡᠰᠬᠡᠬᠦ ᠠᠷᠭ᠎ᠠ ᠬᠡᠯᠪᠡᠷᠢ ᠪᠤᠯᠭᠠᠵᠤ ᠪᠠᠢᠭ᠎ᠠ ᠦᠵᠡᠭᠳᠡᠯ ᠴᠦ ᠢᠯᠡᠷᠡᠵᠦ ᠪᠤᠢ᠃ ᠱᠠᠰᠢᠨ ᠰᠢᠲᠦᠳᠡᠭ ᠦᠭᠡᠢ ᠬᠦᠮᠦᠰ ᠦᠨ ᠳᠤᠲᠤᠷ᠎ᠠ ᠴᠤ ᠪᠤᠷᠬᠠᠨ ᠰᠠᠬᠢᠭᠤᠯᠰᠤᠨ ᠪᠠᠢᠭᠠᠰᠢ ᠭᠡᠵᠦ ᠬᠦᠰᠡᠳᠡᠭ ᠪᠦᠭᠡᠳ ᠭᠡᠭᠡᠨ ᠬᠤᠳᠤᠭᠲᠤ᠂ ᠪᠦᠬᠡ ᠨᠠᠷ ᠢ ᠬᠦᠨᠳᠦᠳᠭᠡᠨ ᠪᠢᠰᠢᠷᠡᠳᠡᠭ ᠬᠦᠮᠦᠰ ᠪᠠᠢᠭ᠎ᠠ ᠪᠦᠭᠡᠳ ᠲᠡᠳᠡ ᠵᠠᠷᠢᠮ ᠤᠯᠠᠮᠵᠢᠯᠠᠯᠲᠤ ᠵᠠᠩ ᠦᠢᠯᠡ ᠪᠡᠨ ᠮᠦᠨ ᠱᠠᠰᠢᠨ ᠤ ᠶᠤᠰᠤᠭᠠᠷ ᠬᠢᠳᠡᠭ ᠪᠠᠢᠨ᠎ᠠ᠃ ᠬᠠᠷᠢᠴᠠᠩᠭᠤᠢ ᠪᠠᠷ ᠪᠤᠷᠬᠠᠨ ᠤ ᠱᠠᠰᠢᠨ ᠤ ᠨᠡᠷ᠎ᠡ ᠬᠦᠨᠳᠦ ᠲᠡᠢᠮᠦ ᠮᠠᠭᠤ ᠪᠢᠰᠢ ᠪᠠᠢᠭ᠎ᠠ᠂ ᠬᠠᠷᠢᠨ ᠰᠢᠨ᠎ᠡ ᠳᠡᠯᠭᠡᠷᠡᠵᠦ ᠪᠠᠢᠭ᠎ᠠ ᠱᠠᠰᠢᠨ ᠤ ᠨᠡᠷ᠎ᠡ ᠬᠦᠨᠳᠦ ᠲᠡᠢᠮᠦ ᠰᠠᠢᠨ ᠪᠢᠰᠢ ᠪᠠᠢᠨ᠎ᠠ᠃ ᠲᠡᠳᠡᠭᠡᠷ ᠱᠠᠰᠢᠨ ᠰᠢᠲᠦᠭᠴᠢᠳ ᠢ ᠪᠠᠭᠲᠠᠭᠠᠭᠰᠠᠨ ᠪᠦᠬᠦ ᠬᠦᠮᠦᠰ ᠦᠨ ᠱᠠᠰᠢᠨ ᠰᠢᠲᠦᠯᠭᠡ ᠶᠢᠨ ᠪᠠᠢᠳᠠᠯ ᠢ ᠨᠠᠷᠢᠪᠴᠢᠯᠠᠬᠤ ᠳᠤ 《ᠰᠢᠲᠦᠭᠡᠨ ᠳᠠᠬᠢᠬᠤ》 ᠤᠬᠠᠮᠰᠠᠷ ᠲᠤ ᠰᠠᠭᠤᠷᠢᠯᠠᠭᠰᠠᠨ ᠬᠤᠪᠢ ᠶᠢᠨ ᠰᠢᠨᠵᠢᠲᠡᠢ ᠱᠠᠰᠢᠨ ᠤ ᠠᠵᠢᠯᠯᠠᠭ᠎ᠠ ᠨᠢ ᠭᠤᠤᠯᠳᠠᠵᠤ᠂ ᠱᠠᠰᠢᠨ ᠰᠢᠲᠦᠯᠭᠡ ᠶᠢᠨ ᠵᠤᠬᠢᠶᠠᠨ ᠪᠠᠢᠭᠤᠯᠤᠯᠲᠠ ᠪᠠ ᠨᠡᠢᠭᠡᠮ ᠦᠨ ᠠᠵᠢᠯᠯᠠᠭ᠎ᠠ ᠳᠤ ᠳᠡᠮᠡᠢ ᠶᠡᠬᠡ ᠰᠠᠨᠠᠭᠠᠰᠢᠷᠠᠬᠤ ᠦᠭᠡᠢ ᠪᠠᠢᠭ᠎ᠠ ᠪᠠᠢᠳᠠᠯ ᠲᠠᠢ᠃
原文 没有原文
出自 内蒙古大学学报 2014年 第6期

联系我们


内蒙古大学图书馆
呼和浩特市大学西路235号
中国·内蒙古
P: (0471) 4992561
E: huangfeilong@imu.edu.cn