题名 |
ᠬᠤᠮᠠᠬᠢ ᠣᠨᠣᠯ ᠢᠶᠠᠷ ᠰᠡᠳᠬᠢᠮᠡᠯ ᠭᠡᠷ ᠪᠡᠶᠡᠲᠦ ᠶᠢᠨ ᠳᠠᠢᠪᠤᠩᠰᠢᠭ ᠶᠠᠪᠤᠴᠠ ᠶᠢᠨ ᠲᠡᠭᠰᠢᠳᠭᠡᠯ ᠢ ᠮᠦᠷᠳᠡᠨ ᠭᠠᠷᠭᠠᠬᠤ |
作者 |
ᠦᠷᠦᠨᠲᠤᠶᠠᠭ᠎ᠠ |
关键词 |
ᠮᠤᠯᠧᠺᠦ᠋ᠯ ᠦᠨ ᠬᠦᠳᠡᠯᠭᠡᠭᠡᠨ ᠦ ᠣᠨᠣᠯ; ᠰᠡᠳᠬᠢᠮᠡᠯ ᠭᠡᠷ ᠪᠡᠶᠡᠲᠦ; ᠳᠠᠢᠪᠤᠩᠰᠢᠭ ᠶᠠᠪᠤᠴᠠ; ᠶᠠᠪᠤᠴᠠ ᠶᠢᠨ ᠲᠡᠭᠰᠢᠳᠭᠡᠯ |
摘要 |
ᠭᠡᠷ ᠪᠡᠶᠡᠲᠦ ᠶᠢᠨ ᠮᠤᠯᠧᠺᠦ᠋ᠯ ᠦᠨ ᠬᠦᠳᠡᠯᠭᠡᠭᠡᠨ ᠦ ᠣᠨᠣᠯ ᠢ ᠬᠡᠷᠡᠭᠯᠡᠨ ᠬᠤᠮᠠᠬᠢ ᠲᠠᠯ᠎ᠠ ᠠᠴᠠ ᠭᠠᠷᠳᠠᠨ ᠰᠡᠳᠬᠢᠮᠡᠯ ᠭᠡᠷ ᠪᠡᠶᠡᠲᠦ ᠶᠢᠨ ᠬᠤᠷᠤ᠎ᠠ ᠵᠢᠮ᠎ᠡ ᠬᠠᠤᠯᠢ ᠶᠢ ᠲᠠᠢᠯᠪᠤᠷᠢᠯᠠᠬᠤ ᠪᠤᠯ ᠢᠯᠴᠢ ᠶᠢᠨ ᠤᠬᠠᠭᠠᠨ ᠤ ᠨᠢᠭᠡᠨ ᠰᠠᠭᠤᠷᠢ ᠠᠭᠤᠯᠭ᠎ᠠ ᠪᠤᠯᠤᠨ᠎ᠠ᠃ ᠭᠡᠲᠡᠯ᠎ᠡ ᠪᠢᠳᠡᠨ ᠦ ᠬᠢᠴᠢᠶᠡᠯ ᠦᠨ ᠨᠤᠮ ᠳᠤ ᠮᠤᠯᠧᠺᠦ᠋ᠯ ᠦᠨ ᠬᠦᠳᠡᠯᠭᠡᠭᠡᠨ ᠦ ᠵᠢᠮ᠎ᠡ ᠪᠡᠷ ᠰᠢᠭᠤᠳ ᠭᠡᠷ ᠪᠡᠶᠡᠲᠦ ᠶᠢᠨ ᠲᠠᠢᠪᠤᠩᠰᠢᠭ ᠶᠠᠪᠤᠴᠠ ᠳᠠᠬᠢ ᠶᠠᠪᠤᠴᠠ ᠶᠢᠨ ᠲᠡᠭᠰᠢᠳᠭᠡᠯ ᠢ ᠮᠦᠷᠳᠡᠨ ᠭᠠᠷᠭᠠᠭᠰᠠᠨ ᠪᠢᠰᠢ᠂ ᠬᠠᠷᠢᠨ ᠢᠯᠴᠢ ᠬᠦᠴᠦᠨ ᠤᠬᠠᠭᠠᠨ ᠤ ᠠᠷᠭ᠎ᠠ ᠶᠢ ᠬᠡᠷᠡᠭᠯᠡᠨ ᠬᠤᠷᠤ᠎ᠠ ᠲᠠᠯ᠎ᠠ ᠠᠴᠠ ᠮᠦᠷᠳᠡᠭᠰᠡᠨ ᠪᠠᠢᠳᠠᠭ᠃ ᠰᠤᠷᠤᠭᠴᠢ ᠶᠢᠨ ᠰᠤᠷᠤᠯᠴᠠᠯᠭ᠎ᠠ ᠳᠤ ᠬᠠᠪᠰᠤᠷᠤᠮᠵᠢ ᠪᠤᠯᠭᠠᠬᠤ ᠶᠢᠨ ᠲᠦᠯᠦᠭᠡ᠂ ᠲᠤᠰ ᠦᠭᠦᠯᠡᠯ ᠳᠦ ᠮᠤᠯᠧᠺᠦ᠋ᠯ ᠦᠨ ᠬᠦᠳᠡᠯᠭᠡᠭᠡᠨ ᠦ ᠣᠨᠣᠯ ᠢ ᠬᠡᠷᠡᠭᠯᠡᠨ ᠰᠡᠳᠬᠢᠮᠡᠯ ᠭᠡᠷ ᠪᠡᠶᠡᠲᠦ ᠶᠢᠨ ᠢᠵᠢᠯ ᠳᠤᠯᠠᠭᠠᠨᠲᠤ ᠶᠠᠪᠤᠴᠠ᠂ ᠢᠯᠴᠢ ᠬᠦᠨᠳᠡᠢᠷᠡᠯᠲᠦ ᠶᠠᠪᠤᠴᠠ ᠪᠠ ᠢᠵᠢᠯ ᠳᠠᠷᠤᠴᠠᠲᠤ ᠶᠠᠪᠤᠴᠠ ᠵᠡᠷᠭᠡ ᠲᠠᠢᠪᠤᠩᠰᠢᠭ ᠶᠠᠪᠤᠴᠠ ᠳᠠᠬᠢ ᠶᠠᠪᠤᠴᠠ ᠶᠢᠨ ᠲᠡᠭᠰᠢᠳᠭᠡᠯ ᠢ ᠨᠠᠷᠢᠯᠢᠭ ᠮᠦᠷᠳᠡᠭᠰᠡᠨ ᠪᠠᠢᠨ᠎ᠠ᠃ |
原文 |
没有原文
|
出自 |
内蒙古师范大学学报(自然科学蒙古文版)
2012年
第3期
|