题名 |
ᠤᠳᠤ ᠦᠶ ᠡ ᠶᠢᠨ ᠮᠣᠩᠭᠣᠯ ᠪᠢᠴᠢᠭ᠌ ᠤᠨ ᠬᠡᠯᠡᠨ ᠦ ᠬᠤᠪᠢᠯᠭᠠᠬᠤ ᠳᠠᠭᠠᠪᠤᠷᠢ ᠶᠢᠨ ᠰᠠᠯᠠᠭ᠎ᠠ ᠤᠳᠬ᠎ᠠ |
作者 |
ᠱᠦ ᠴᠢᠨ |
关键词 |
ᠬᠤᠪᠢᠯᠭᠠᠬᠤ ᠳᠠᠭᠠᠪᠤᠷᠢ; ᠰᠠᠯᠠᠭ᠎ᠠ ᠤᠳᠬ᠎ᠠ; ᠤᠳᠤ ᠦᠶ ᠡ ᠶᠢᠨ ᠮᠣᠩᠭᠣᠯ ᠪᠢᠴᠢᠭ᠌ ᠤᠨ ᠬᠡᠯᠡ |
摘要 |
ᠰᠠᠯᠠᠭ᠎ᠠ ᠤᠳᠬ᠎ᠠ ᠪᠤᠯ ᠪᠠᠢ᠌ᠭᠠᠵᠢ ᠬᠡᠯᠡᠨ ᠦ ᠲᠦᠭᠡᠮᠡᠯ ᠦᠵᠡᠭᠳᠡᠯ ᠮᠦᠨ᠂ ᠪᠠᠢ᠌ᠭᠠᠵᠢ ᠬᠡᠯᠡᠨ ᠦ ᠰᠠᠯᠠᠭ᠎ᠠ ᠤᠳᠬ᠎ᠠ ᠶᠢᠨ ᠠᠰᠠᠭᠤᠳᠠᠯ ᠪᠤᠯ ᠭᠡᠷᠡᠭ ᠳᠡᠭᠡᠷ ᠡ ᠪᠠᠨ ᠠᠭᠤᠯᠭ᠎ᠠ ᠪᠤᠯᠤᠨ ᠬᠡᠯᠪᠡᠷᠢ ᠶᠢᠨ ᠬᠤᠭᠤᠷᠤᠨᠳᠤᠬᠢ ᠵᠦᠷᠢᠴᠡᠯ ᠤᠨ ᠠᠰᠠᠭᠤᠳᠠᠯ ᠪᠤᠯᠤᠨ᠎ᠠ᠃ ᠪᠠᠢ᠌ᠭᠠᠵᠢ ᠬᠡᠯᠡᠨ ᠦ ᠰᠢ᠌ᠳᠪᠦᠷᠢᠯᠡᠯᠳᠡ ᠳᠤ ᠠᠳᠠᠯᠢ ᠲᠦᠷᠰᠦᠳᠦ ᠰᠠᠯᠠᠭ᠎ᠠ ᠤᠳᠬ᠎ᠠ ᠪᠤᠯ ᠵᠠᠢ᠌ᠯᠠᠭᠤᠯᠵᠤ ᠪᠤᠯᠤᠰᠢ ᠦᠭᠡᠢ ᠠᠰᠠᠭᠤᠳᠠᠯ ᠪᠤᠯᠤᠨ᠎ᠠ᠃ ᠠᠳᠠᠯᠢ ᠲᠦᠷᠰᠦᠳᠦ ᠰᠠᠯᠠᠭ᠎ᠠ ᠤᠳᠬ᠎ᠠ ᠨᠢ ᠪᠠᠢ᠌ᠭᠠᠵᠢ ᠬᠡᠯᠡᠨ ᠦ ᠠᠦ᠋ᠲ᠋ᠦ ᠵᠠᠳᠠᠯᠤᠯᠲᠠ ᠶᠢ ᠤᠷᠤᠭᠰᠢᠯᠠᠬᠤᠶ ᠠ ᠪᠠᠷᠭᠡ᠂ ᠤᠬᠤᠷᠢᠬᠤᠶ ᠠ ᠲᠦᠪᠡᠭ᠌ ᠪᠤᠯᠭᠠᠵᠤ ᠬᠡᠯᠡ ᠶᠢ ᠺᠤᠮᠫᠢᠦ᠋ᠲ᠋ᠸᠷ ᠶᠢᠨᠷ ᠰᠢ᠌ᠳᠪᠦᠷᠢᠯᠡᠬᠦ ᠳᠤ ᠯᠤᠳᠤ ᠶᠡᠬᠡ ᠬᠠᠷᠰᠢ ᠤᠴᠠᠷᠠᠭᠤᠯᠳᠠᠭ᠃ ᠡᠢ᠌ᠮᠦ ᠳᠤ᠂ ᠠᠳᠠᠯᠢ ᠲᠦᠷᠰᠦᠳᠦ ᠰᠠᠯᠠᠭ᠎ᠠ ᠤᠳᠬ᠎ᠠ ᠶᠢ ᠬᠦᠨᠵᠡᠭᠡᠢ ᠰᠤᠳᠤᠯᠬᠤ ᠨᠢ ᠪᠠᠢ᠌ᠭᠠᠵᠢ ᠬᠡᠯᠡ ᠺᠤᠮᠫᠢᠦ᠋ᠲ᠋ᠸᠷ ᠶᠢᠨᠷ ᠰᠢ᠌ᠳᠪᠦᠷᠢᠯᠡᠬᠦ ᠳᠤ ᠮᠠᠰᠢ ᠴᠢᠬᠤᠯᠠ ᠠᠴᠢ ᠬᠤᠯᠪᠤᠭᠳᠠᠯᠲᠠᠢ᠃ |
原文 |
查看原文
|
出自 |
中国蒙古学
2008年
第3期
|