题名 |
ᠴᠢᠩ ᠤᠯᠤᠰ ᠤᠨ ᠰᠡᠭᠦᠯᠴᠢ ᠶᠢᠨ ᠪᠡᠭᠡᠵᠢᠩ ᠳᠦ ᠬᠢ ᠮᠣᠩᠭ᠋ᠤᠯ ᠸᠠᠩ ᠭᠦᠩ ᠦᠨ ᠤᠯᠤᠰ ᠲᠦᠷᠦ ᠶᠢᠨ ᠪᠦᠯᠬᠦᠮ ᠦᠨ ᠲᠤᠬᠠᠢ ᠰᠤᠳᠤᠯᠤᠯ |
作者 |
ᠪᠤᠤ ᠳ᠋ᠧ ᠴᠢᠶᠠᠩ |
关键词 |
ᠮᠣᠩᠭ᠋ᠤᠯ ᠤᠨ ᠵᠠᠰᠠᠭ ᠲᠤ ᠲᠤᠰᠠᠯᠠᠬᠤ ᠬᠤᠷᠠᠯ; ᠮᠣᠩᠭ᠋ᠤᠯ ᠢ ᠬᠠᠮᠠᠭᠠᠯᠠᠬᠤ ᠬᠤᠷᠠᠯ; ᠮᠣᠩᠭ᠋ᠤᠯ ᠸᠠᠩ ᠭᠦᠩ ᠦᠨ ᠬᠤᠯᠪᠤᠭᠠᠲᠤ ᠬᠤᠷᠠᠯ |
摘要 |
ᠴᠢᠩ ᠤᠯᠤᠰ ᠤᠨ ᠬᠤᠶᠠᠷ ᠵᠠᠭᠤ ᠭᠠᠷᠤᠢ ᠵᠢᠯ ᠦᠨ ᠨᠤᠶᠠᠷᠬᠠᠯ ᠤᠨ ᠬᠤᠭᠤᠴᠠᠭᠠᠨ ᠳᠤ ᠴᠢᠩ ᠦᠨ ᠲᠦᠷᠦ ᠡᠴᠡ ᠮᠣᠩᠭ᠋ᠤᠯ ᠳᠤ ᠬᠤᠰᠢᠭᠤ ᠬᠤᠪᠢᠶᠠᠨ ᠰᠠᠯᠭᠠᠨ ᠵᠠᠰᠠᠬᠤ ᠲᠦᠷᠦ ᠶᠢᠨ ᠪᠤᠳᠤᠯᠭ᠎ᠠ ᠬᠡᠷᠡᠭᠵᠢᠭᠦᠯᠵᠦ᠂ ᠡᠯ᠎ᠡ ᠬᠤᠰᠢᠭᠤᠳ ᠤᠨ ᠵᠠᠰᠠᠭ ᠨᠤᠶᠠᠳ ᠢ ᠰᠢᠭᠤᠳ ᠬᠠᠭᠠᠨ ᠳᠤ ᠬᠠᠷᠢᠭᠤᠴᠠᠭᠤᠯᠤᠨ᠂ ᠬᠦᠨᠳᠡᠯᠡᠨ ᠢᠶᠡᠷ ᠬᠤᠯᠪᠤᠭᠠᠯᠠᠬᠤ ᠶᠢ ᠴᠢᠩᠭ᠋᠎ᠠ ᠰᠡᠷᠭᠡᠢ᠌ᠯᠡᠵᠦ ᠪᠠᠢ᠌ᠪᠠ᠃ ᠭᠡᠲᠡᠯ᠎ᠡ ᠴᠢᠩ ᠦᠨ ᠰᠡᠭᠦᠯᠴᠢ ᠪᠤᠯᠬᠤ ᠳᠤ ᠪᠡᠭᠡᠵᠢᠩ ᠳᠦ ᠰᠠᠭᠤᠭ᠎ᠠ ᠮᠣᠩ᠋ᠭ᠋ᠤᠯ ᠸᠠᠩ ᠭᠦᠩ ᠨᠠᠷ ᠬᠤᠯᠪᠤᠭ᠎ᠠ ᠠᠪᠤᠯᠴᠠᠵᠤ ᠤᠯᠤᠰ ᠲᠦᠷᠦ ᠶᠢᠨ ᠪᠦᠯᠬᠦᠮ ᠪᠠᠢ᠌ᠭᠤᠯᠵᠤ ᠡᠬᠢᠯᠡᠵᠡᠢ᠃ ᠲᠤᠰ ᠦᠭᠦᠯᠡᠯ ᠳᠦ ᠡᠮᠦᠨᠡᠬᠢ ᠶᠢᠨ ᠬᠦᠮᠦᠰ ᠦᠨ ᠰᠤᠳᠤᠯᠭᠠᠨ ᠳᠤ ᠰᠠᠭᠤᠷᠢᠯᠠᠨ ᠲᠢᠶᠠᠨᠵᠢᠨ ᠤ 《ᠳ᠋ᠠ ᠭᠦᠩ ᠪᠤᠤ》 ᠰᠤᠨᠢᠨ ᠤ ᠬᠠᠮᠢᠶ᠎ᠠ ᠪᠦᠬᠦᠢ ᠮᠡᠳᠡᠭᠡᠯᠡᠯ ᠳᠦ ᠲᠤᠯᠭᠠᠭᠤᠷᠢᠯᠠᠵᠤ᠂ 《ᠮᠣᠩᠭ᠋ᠤᠯ ᠤᠨ ᠵᠠᠰᠠᠭ ᠲᠤ ᠲᠤᠰᠠᠯᠠᠬᠤ ᠬᠤᠷᠠᠯ》᠂ 《ᠮᠣᠩᠭ᠋ᠤᠯ ᠢ ᠬᠠᠮᠭᠠᠯᠠᠬᠤ ᠬᠤᠷᠠᠯ》᠂ 《ᠮᠣᠩᠭ᠋ᠤᠯ ᠸᠠᠩ ᠭᠦᠩ ᠦᠨ ᠬᠤᠯᠪᠤᠭᠠᠲᠤ ᠬᠤᠷᠠᠯ》᠋ ᠤᠨ ᠪᠠᠢ᠌ᠭᠤᠯᠤᠭᠳᠠᠭᠰᠠᠨ ᠶᠠᠪᠤᠴᠠ ᠪᠠ ᠲᠡᠭᠦᠨ ᠦ ᠵᠤᠷᠢᠯᠲᠠ ᠶᠢ ᠲᠤᠳᠤᠷᠠᠭᠤᠯᠤᠨ ᠦᠭᠦᠯᠡᠬᠦ ᠶᠢ ᠵᠤᠷᠢᠪᠠ᠃ |
原文 |
没有原文
|
出自 |
内蒙古大学学报
2014年
第5期
|