摘要 |
ᠲᠤᠰ ᠦᠭᠦᠯᠡᠯ ᠳᠦ ᠮᠣᠩ᠋ᠭᠤᠯ ᠬᠡᠯᠡᠨ ᠦ ᠵᠦᠢ ᠶᠢᠨ ᠨᠤᠮ ᠪᠢᠴᠢᠭ᠌ ᠲᠦ ᠳᠤᠷᠠᠳᠤᠭᠠᠳ ᠪᠠᠢ᠌ᠳᠠᠭ 《ᠳᠠᠭᠠᠪᠤᠷᠢ ᠦᠭᠡ》ᠭᠡᠳᠡᠭ ᠨᠢᠭᠡ ᠠᠢ᠌ᠮᠠᠭ ᠤᠨ ᠦᠭᠡᠰ ᠦᠨ ᠶᠡᠷᠦᠩᠬᠡᠢ ᠣᠨᠴᠠᠯᠢᠭ ᠢ ᠬᠡᠯᠡᠨ ᠦ ᠰᠢᠨᠵᠢᠯᠡᠯ ᠳᠡᠭᠡᠷᠡᠬᠢ 《ᠳᠠᠭᠠᠪᠤᠷᠢ ᠦᠭᠡ》ᠭᠡᠳᠡᠭ ᠲᠤᠰᠬᠠᠢ ᠨᠡᠷ᠎ᠡ ᠶᠢᠨ ᠤᠬᠠᠭᠳᠠᠬᠤᠨ ᠲᠠᠢ ᠲᠤᠯᠭᠠᠨ ᠬᠠᠷᠢᠴᠠᠭᠤᠯᠵᠤ ᠦᠵᠡᠭᠡᠳ ᠮᠣᠩ᠋ᠭᠤᠯ ᠬᠡᠯᠡᠨ ᠦ ᠦᠭᠡᠰ ᠦᠨ ᠠᠢ᠌ᠮᠠᠭ ᠲᠤ ᠬᠡᠯᠡᠨ ᠦ ᠰᠢᠨᠵᠢᠯᠡᠯ ᠦᠨ ᠵᠢᠩᠬᠢᠨᠢ ᠠᠭᠤᠯᠭᠠᠨ ᠳᠡᠭᠡᠷᠡᠬᠢ 《ᠳᠠᠭᠠᠪᠤᠷᠢ ᠦᠭᠡ》ᠭᠡᠵᠦ ᠦᠭᠡᠢ᠂ ᠮᠣᠩ᠋ᠭᠤᠯ ᠬᠡᠯᠡᠨ ᠦ ᠵᠦᠢ ᠶᠢᠨ ᠨᠤᠮ ᠪᠢᠴᠢᠭ᠌ ᠲᠦ ᠳᠤᠷᠠᠳᠤᠭᠠᠳ ᠪᠠᠢ᠌ᠳᠠᠭ 《ᠳᠠᠭᠠᠪᠤᠷᠢ ᠦᠭᠡ》᠋ ᠶᠢᠨ ᠣᠯᠠᠩᠭᠢ ᠨᠢ ᠬᠤᠯᠪᠤᠬᠤ ᠬᠠᠷᠢᠴᠠᠭᠠᠨ ᠤ ᠤᠳᠬ᠎ᠠ ᠦᠵᠡᠭᠦᠯᠳᠡᠭ ᠬᠤᠯᠪᠤᠬᠤ ᠦᠭᠡ᠂ ᠴᠦᠬᠡᠪᠲᠦᠷ ᠬᠡᠳᠦ ᠨᠢ ᠪᠡᠶᠡᠳᠦ ᠦᠭᠡ ᠪᠠᠢ᠌ᠨ᠎ᠠ ᠭᠡᠵᠦ ᠦᠵᠡᠪᠡ᠃ |