论文信息


题名 ᠶᠠᠫᠤᠨ ᠬᠡᠯᠡᠨ ᠦ ᠲᠤᠰᠠᠯᠠᠬᠤ ᠦᠢᠯᠡ ᠦᠭᠡ 《᠍~てもらう》 ᠵᠢᠴᠢ ᠲᠡᠭᠦᠨ ᠦ ᠮᠣᠩᠭᠤᠯ ᠬᠡᠯᠡᠨ ᠳᠡᠬᠢ ᠲᠤᠬᠢᠷᠠᠯᠴᠠᠬᠤ ᠬᠡᠯᠪᠡᠷᠢ
作者 ᠾᠧ ᠭᠦᠢ ᠬᠤᠸᠠ
关键词 ᠶᠠᠫᠤᠨ ᠬᠡᠯᠡ; ᠲᠤᠰᠠᠯᠠᠬᠤ ᠦᠢᠯᠡ ᠦᠭᠡ; 《᠍~てもらう》; ᠮᠣᠩᠭᠤᠯ ᠬᠡᠯᠡ; ᠲᠤᠬᠢᠷᠠᠯᠴᠠᠬᠤ ᠬᠡᠯᠪᠡᠷᠢ; 《᠍~ ᠦᠭ》
摘要 ᠮᠣᠩᠭᠤᠯ ᠪᠠ ᠶᠠᠫᠤᠨ ᠬᠤᠶᠠᠷ ᠬᠡᠯᠡ ᠨᠢ ᠪᠦᠷ ᠠᠳᠠᠯᠢᠬᠠᠨ ᠠᠯᠳᠠᠷ ᠢᠵᠠᠭᠤᠷ ᠬᠡᠯᠡ ᠳᠦ ᠪᠠᠭᠲᠠᠭᠲᠠᠬᠤ ᠪᠤᠯᠬᠤᠷ ᠬᠡᠯᠡ ᠵᠦᠢ ᠶᠢᠨ ᠲᠠᠯ᠎ᠠ ᠪᠠᠷ ᠣᠯᠠᠨ ᠠᠳᠠᠯᠢᠪᠲᠤᠷ ᠵᠤᠢᠯ ᠪᠠᠢᠳᠠᠭ᠃ ᠡᠨᠡ ᠬᠤᠶᠠᠷ ᠬᠡᠯᠡᠨ ᠳᠦ ᠪᠦᠷ ᠲᠤᠰᠠᠯᠠᠬᠤ ᠦᠢᠯᠡ ᠦᠭᠡ ᠪᠤᠢ᠃ ᠲᠤᠰ ᠦᠭᠦᠯᠡᠯ ᠳᠦ ᠶᠠᠫᠤᠨ ᠬᠡᠯᠡᠨ ᠦ ᠲᠤᠰᠠᠯᠠᠬᠤ ᠦᠢᠯᠡ ᠦᠭᠡ 《᠍~てもらう》 ᠶᠢᠨ ᠣᠷᠤᠯᠴᠠᠭ᠎ᠠ ᠲᠠᠢ ᠦᠭᠦᠯᠡᠪᠦᠷᠢ ᠶᠢ ᠲᠡᠭᠦᠨ ᠦ ᠬᠡᠷᠡᠭᠯᠡᠭᠳᠡᠬᠦ ᠣᠷᠴᠢᠨ᠂ ᠦᠭᠦᠯᠡᠭᠴᠢ ᠶᠢᠨ ᠵᠤᠷᠢᠯᠭ᠎ᠠ ᠶᠢ ᠦᠨᠳᠦᠰᠦᠯᠡᠨ ᠣᠯᠠᠨ ᠲᠦᠷᠦᠯ ᠵᠤᠢᠯ ᠪᠤᠯᠭᠠᠨ ᠬᠤᠪᠢᠶᠠᠵᠤ᠂ ᠮᠣᠩᠭᠤᠯ ᠬᠡᠯᠡᠨ ᠳᠦ ᠣᠷᠴᠢᠭᠤᠯᠤᠨ ᠵᠠᠳᠠᠯᠵᠤ ᠦᠵᠡᠭᠰᠡᠨ ᠪᠠᠢᠨ᠎ᠠ᠃ ᠵᠠᠳᠠᠯᠤᠯᠲᠠ ᠪᠠᠷ ᠳᠠᠮᠵᠢᠨ᠂ ᠶᠠᠫᠤᠨ ᠬᠡᠯᠡᠨ ᠦ ᠣᠯᠠᠨ ᠵᠤᠢᠯ ᠤᠨ ᠠᠳᠠᠯᠢ ᠪᠤᠰᠤ ᠤᠳᠬ᠎ᠠ ᠶᠢ ᠢᠯᠡᠳᠭᠡᠳᠡᠭ ᠲᠤᠰᠠᠯᠠᠬᠤ ᠦᠢᠯᠡ ᠦᠭᠡ 《᠍~てもらう》 ᠨᠢ ᠮᠣᠩᠭᠤᠯ ᠬᠡᠯᠡᠨ ᠦ ᠵᠦᠪᠬᠡᠨ 《᠍~てもらう》 ᠲᠠᠢ ᠠᠳᠠᠯᠢ ᠤᠳᠬ᠎ᠠ ᠶᠢ ᠢᠯᠡᠳᠭᠡᠬᠦ ᠲᠤᠰᠠᠯᠠᠬᠤ ᠦᠢᠯᠡ ᠦᠭᠡ 《~ ᠦᠭ》 ᠲᠡᠢ ᠲᠤᠬᠢᠷᠠᠯᠴᠠᠨ ᠣᠷᠤᠰᠢᠳᠠᠭ ᠪᠢᠰᠢ ᠬᠠᠷᠢᠨ ᠦᠢᠯᠡ ᠦᠭᠡ ᠶᠢᠨ ᠠᠳᠠᠯᠢ ᠪᠤᠰᠤ ᠬᠡᠪ᠂ ᠬᠡᠯᠪᠡᠷᠢ ᠨᠦᠬᠦᠳ ᠲᠡᠢ ᠴᠦ ᠲᠤᠬᠢᠷᠠᠯᠴᠠᠨ ᠣᠷᠤᠰᠢᠳᠠᠭ ᠭᠡᠳᠡᠭ ᠢ ᠠᠵᠢᠭᠯᠠᠨ ᠮᠡᠳᠡᠭᠰᠡᠨ ᠪᠠᠢᠨ᠎ᠠ᠃
原文 查看原文
出自 中国蒙古学 2015年 第4期

联系我们


内蒙古大学图书馆
呼和浩特市大学西路235号
中国·内蒙古
P: (0471) 4992561
E: huangfeilong@imu.edu.cn