题名 |
ᠪᠧᠨ᠋ᠽᠧᠨ᠋ᠲᠤ (Styrene) - ᠭᠤᠷᠪᠠᠴᠢ ᠡᠲ᠋ᠢᠯ ᠠᠮᠢᠨ (Triethylamine) ᠬᠤᠯᠢᠮᠠᠭ ᠰᠢᠰᠲ᠋ᠧᠮ ᠦᠨ ᠭᠡᠷᠡᠯ ᠵᠢᠭᠰᠠᠯ ᠳᠤ ᠦᠵᠡᠭᠦᠯᠬᠦ ᠠᠯᠺᠤᠤᠯ ᠤᠨ ᠲᠦᠷᠦᠯ ᠦᠨ ᠠᠭᠤᠰᠬᠠᠭᠴᠢ ᠶᠢᠨ ᠦᠢᠯᠡᠳᠦᠯ |
作者 |
ᠰᠡᠴᠡᠨᠲᠤᠶᠠᠭ᠎ᠠ |
关键词 |
ᠪᠧᠨ᠋ᠽᠧᠨ᠋ᠲᠤ ᠡᠲ᠋ᠧᠨ; ᠭᠤᠷᠪᠠᠴᠢ ᠡᠲ᠋ᠢᠯ ᠠᠮᠢᠨ; ᠴᠡᠭᠡᠨ ᠭᠡᠷᠡᠯ; ᠠᠯᠺᠦᠤᠯ ᠤᠨ ᠲᠦᠷᠦᠯ ᠦᠨ ᠠᠭᠤᠰᠬᠠᠭᠴᠢ; ᠦᠰᠦᠳᠦ᠋ᠷᠦᠭᠴᠢ ᠬᠤᠯᠪᠤᠭᠠᠰᠤ |
摘要 |
ᠪᠧᠨ᠋ᠽᠧᠨ᠋ᠲᠤ ᠡᠲ᠋ᠧᠨ (Styrene ᠳᠦᠭᠦᠮᠴᠢᠯᠡᠭᠡᠳ ST) - ᠭᠤᠷᠪᠠᠴᠢ ᠡᠲ᠋ᠢᠯ ᠠᠮᠢᠨ (Trierhylamine᠂ ᠳᠦᠭᠦᠮᠴᠢᠯᠡᠭᠡᠳ TEA) ᠬᠤᠯᠢᠮᠠᠭ ᠰᠢᠰᠲ᠋ᠧᠮ ᠤᠨ ᠰᠠᠴᠤᠷᠠᠭᠤᠯᠬᠤ ᠭᠡᠷᠡᠯ ᠵᠢᠭᠰᠠᠯ (eission spectrum) ᠢ ᠳᠦᠷᠪᠡᠨ ᠤᠰᠦᠳᠦ᠋ᠷᠦᠭᠴᠢᠲᠦ ᠹᠦᠷᠡᠨ (Tetrahydurfuran᠂ ᠳᠦᠭᠦᠮᠴᠢᠯᠡᠭᠡᠳ THF) ᠪᠤᠯᠤᠨ ᠬᠡᠳᠦᠨ ᠵᠤᠢᠯ ᠤᠨ ᠠᠯᠺᠤᠤᠯ ᠤᠨ ᠲᠦᠷᠦᠯ ᠦᠨ ᠬᠤᠯᠢᠮᠠᠭ ᠠᠭᠤᠰᠬᠠᠭᠴᠢ ᠳᠤᠲᠤᠷ᠎ᠠ ᠬᠡᠮᠵᠢᠲᠡᠢ᠃ THF ᠳᠤᠲᠤᠷᠠᠬᠢ ST - TEA ᠰᠢᠰᠲ᠋ᠧᠮ ᠳᠦ ᠭᠤᠷᠪᠠᠨ ᠾᠯᠤᠷᠲᠤ ᠡᠲ᠋ᠨ ᠬᠦᠴᠢᠯ (Trichloroacetic acid᠂ ᠳᠦᠭᠦᠮᠴᠢᠯᠡᠭᠡᠳ HTCA)᠋ ᠢ ᠨᠡᠮᠡᠬᠦ ᠳᠦ ᠰᠠᠴᠤᠷᠠᠭᠤᠯᠬᠤ ᠭᠡᠷᠡᠯ ᠵᠢᠭᠰᠠᠯ ᠤᠨ ᠬᠤᠪᠢᠷᠠᠯᠲᠠ ᠲᠠᠢ ᠬᠠᠷᠢᠴᠠᠭᠤᠯᠤᠨ ST - TEA ᠰᠢᠰᠲ᠋ᠧᠮ ᠤᠨ ᠭᠡᠷᠡᠯ ᠵᠢᠭᠰᠠᠯ ᠳᠤ ᠦᠵᠡᠭᠦᠯᠬᠦ ᠠᠭᠤᠰᠬᠠᠭᠴᠢ ᠶᠢᠨ ᠨᠦᠯᠦᠭᠡ ᠶᠢ ᠤᠯᠠᠮ ᠨᠢᠭᠡ ᠠᠯᠬᠤᠮ ᠣᠢᠯᠠᠭᠠᠬᠤ ᠭᠡᠵᠦ ᠵᠤᠷᠢᠪᠠ᠃ ᠤᠯᠤᠭᠰᠠᠨ ᠭᠤᠤᠯ ᠦᠷ᠎ᠡ ᠳ᠋ᠦᠩ ᠭᠡᠪᠡᠯ᠄ ᠭᠤᠷᠪᠠᠨ ᠾᠯᠤᠷᠲᠤ ᠡᠲ᠋ᠨ ᠬᠦᠴᠢᠯ ᠦᠨ ᠲᠤᠷᠰᠢᠯᠲᠠ ᠲᠠᠢ ᠠᠳᠠᠯᠢᠪᠲᠤᠷ᠂ ᠳᠠᠷᠤᠢ THF - ᠠᠯᠺᠤᠤᠯ ᠤᠨ ᠲᠦᠷᠦᠯ ᠦᠨ ᠠᠭᠤᠰᠬᠠᠭᠴᠢ ᠶᠢᠨ ᠬᠤᠯᠢᠮᠠᠭ ᠠᠭᠤᠰᠬᠠᠭᠴᠢ ᠳᠤᠲᠤᠷᠠᠬᠢ ᠠᠯᠺᠤᠤᠯ ᠤᠨ ᠲᠦᠷᠦᠯ ᠦᠨ ᠠᠭᠤᠰᠬᠠᠭᠴᠢ ᠶᠢᠨ ᠬᠠᠷᠢᠴᠠᠯ ᠨᠢ ᠦᠨᠳᠦᠷ ᠪᠤᠯᠬᠤ ᠳᠤᠲᠤᠮ ᠪᠦᠰᠡ A ᠋ ᠶᠢᠨ ᠬᠦᠴᠦᠯᠡᠴᠡ ᠨᠢ ᠶᠡᠬᠡᠰᠴᠦ᠂ ᠪᠦᠰᠡ B ᠶᠢᠨ ᠬᠦᠴᠦᠯᠡᠴᠡ ᠨᠢ ᠪᠠᠭᠠᠰᠤᠨ᠎ᠠ᠃ ᠪᠦᠰᠡ A ᠶᠢᠨ ᠬᠦᠴᠦᠯᠡᠴᠡ ᠶᠢᠨ ᠨᠡᠮᠡᠭᠳᠡᠬᠦ ᠨᠢ ᠭᠤᠷᠪᠠᠴᠢ ᠡᠲ᠋ᠯ ᠠᠮᠢᠨ ᠪᠤᠯᠤᠨ ᠠᠯᠺᠤᠤᠯ ᠤᠨ ᠲᠦᠷᠦᠯ ᠦᠨ ᠠᠭᠤᠰᠬᠠᠭᠴᠢ ᠶᠢᠨ ᠬᠤᠭᠤᠷᠤᠨᠳᠤ ᠤᠰᠤᠳᠦ᠋ᠷᠦᠭᠴᠢ ᠬᠤᠯᠪᠤᠭᠠᠰᠤ ᠡᠭᠦᠰᠬᠦ (ᠡᠰᠡᠭᠦᠯ᠎ᠡ ᠫᠷᠤᠲ᠋ᠤᠨ ᠨᠡᠮᠡᠷᠢᠯᠡᠬᠦ) ᠡᠴᠡ ᠪᠤᠯᠵᠤ᠂ ᠠᠮᠢᠨ ᠤ ᠮᠤᠯᠧᠺᠦ᠋ᠯ ᠳᠡᠬᠢ ᠠᠽᠤᠲ᠋ ᠠᠲ᠋ᠤᠮ ᠨᠢ ᠡᠯᠧᠺᠲ᠋ᠷᠤᠨ ᠬᠠᠩᠭᠠᠬᠤ ᠴᠢᠨᠠᠷ ᠢᠶᠠᠨ ᠠᠯᠳᠠᠵᠤ᠂ ᠴᠢᠯᠦᠭᠡᠲᠦ ᠠᠮᠢᠨ ᠤ ᠦᠷᠦᠭᠡᠴᠡ ᠨᠢ ᠪᠠᠭᠠᠰᠤᠨ᠎ᠠ᠃ ᠡᠭᠦᠨ ᠡᠴᠡ ᠪᠤᠯᠵᠤ ᠢᠳᠡᠪᠬᠢᠵᠢᠭᠰᠡᠨ ᠪᠧᠨ᠋ᠽᠧᠨ᠋ᠲᠤ ᠡᠲ᠋ᠧᠨ ᠤ ᠭᠡᠷᠡᠯ ᠦᠭᠡᠶᠢᠰᠬᠦ ᠨᠢ ᠬᠠᠷᠰᠢᠯᠠᠭᠳᠠᠵᠠᠢ ᠭᠡᠵᠦ ᠦᠵᠡᠵᠦ ᠪᠤᠯᠤᠨ᠎ᠠ᠃ ᠪᠦᠰᠡ B ᠶᠢᠨ ᠬᠦᠴᠦᠯᠡᠴᠡ ᠪᠠᠭᠠᠰᠬᠤ ᠨᠢ ᠠᠯᠺᠤᠤᠯ ᠤᠨ ᠲᠦᠷᠦᠯ ᠦᠨ ᠠᠭᠤᠰᠬᠠᠭᠴᠢ ᠶᠢᠨ ᠬᠠᠷᠢᠴᠠᠯ ᠤᠨ ᠨᠡᠮᠡᠭᠳᠡᠬᠦ ᠶᠢ ᠳᠠᠭᠠᠯᠳᠤᠨ᠂ ᠴᠢᠯᠦᠭᠡᠲᠦ ᠠᠮᠢᠨ ᠤ ᠦᠷᠦᠭᠡᠴᠡ ᠪᠠᠭᠠᠰᠬᠤ ᠪᠤᠯᠤᠨ ᠠᠭᠤᠰᠬᠠᠭᠴᠢ ᠶᠢᠨ ᠲᠤᠢᠯᠰᠢᠷᠠᠩᠭᠤᠢ ᠴᠢᠨᠠᠷ ᠤᠨ ᠨᠡᠮᠡᠭᠳᠡᠭᠰᠡᠨ ᠡᠴᠡ ᠢᠳᠡᠪᠬᠢᠵᠢᠭᠰᠡᠨ ᠪᠦᠯᠦᠭᠲᠦ ᠨᠡᠢᠯᠡᠮᠡᠯ ᠪᠤᠳᠠᠰ ᠤᠨ ᠢᠶᠦᠨ ᠬᠤᠤᠰ ᠪᠤᠯᠵᠤ ᠬᠤᠪᠢᠷᠠᠬᠤ ᠨᠢ ᠠᠭᠢᠭᠤᠯᠤᠭᠳᠠᠬᠤ ᠦᠢᠯᠡᠳᠦᠯ ᠬᠢᠭᠡᠳ ᠬᠠᠮᠲᠤ ᠶᠢᠨ ᠦᠢᠯᠡᠴᠢᠯᠡᠯ ᠡᠴᠡ ᠪᠤᠯᠤᠭᠰᠠᠨ ᠭᠡᠵᠦ ᠦᠵᠡᠵᠦ ᠪᠤᠯᠤᠨ᠎ᠠ᠃ ᠲᠤᠢᠯᠠᠰᠢᠷᠠᠩᠭᠤᠢ ᠴᠢᠨᠠᠷ ᠤᠨ ᠦᠢᠯᠡᠳᠦᠯ ᠢ ᠠᠭᠤᠰᠤᠮᠠᠯ ᠤᠨ ᠬᠠᠷᠢᠴᠠᠩᠭᠤᠢ ᠴᠠᠬᠢᠯᠭᠠᠨ ᠳᠠᠮᠵᠢᠭᠤᠯᠤᠭᠴᠢ ᠶᠢᠨ ᠪᠠᠢᠩᠭᠤ ᠲᠤᠭ᠎ᠠ ᠪᠠᠷ ᠢᠯᠡᠷᠭᠡᠶᠢᠯᠡᠵᠡᠢ᠃ |
原文 |
没有原文
|
出自 |
内蒙古师范大学学报(自然科学蒙古文版)
2013年
第2期
|