题名 |
ᠰᠢᠨ᠎ᠡ ᠡᠷᠢᠨ ᠤ ᠮᠤᠩᠭ᠋ᠤᠯ ᠲᠤᠭᠤᠵᠢᠰ ᠲᠡᠬᠢ ᠰᠢᠨᠵᠢᠯᠡᠭᠡ ᠮᠡᠷᠭᠡᠵᠢᠯ ᠤᠨ ᠰᠤᠶᠤᠯ ᠰᠡᠳᠭᠢᠬᠦᠢᠳᠦ ᠬᠡᠯᠡ ᠬᠡᠯᠡᠯᠭᠡ ᠶᠢᠨ ᠨᠡᠪᠴᠢᠯ |
作者 |
ᠬᠠ • ᠤᠯᠠᠭᠠᠨᠪᠠᠭᠠᠳᠤᠷ |
关键词 |
ᠰᠢᠨ᠎ᠡ ᠡᠷᠢᠨ; ᠮᠤᠩᠭ᠋ᠤᠯ ᠲᠤᠭᠤᠵᠢᠰ; ᠰᠢᠨᠵᠢᠯᠡᠭᠡ ᠮᠡᠷᠭᠡᠵᠢᠯ ᠤᠨ ᠰᠤᠶᠤᠯ ᠰᠡᠳᠭᠢᠬᠦᠢ᠌ᠳᠦ ᠬᠡᠯᠡ ᠬᠡᠯᠡᠯᠭᠡ |
摘要 |
ᠲᠤᠭᠳᠠᠭᠰᠠᠨ ᠤᠷᠤᠰᠢᠬᠤᠢ ᠨᠢ ᠲᠤᠭᠳᠠᠭᠰᠠᠨ ᠰᠡᠳᠭᠢᠬᠦᠢ ᠶᠢᠨ ᠠᠷᠭ ᠬᠡᠯᠪᠡᠷᠢ ᠶᠢ ᠪᠤᠢ ᠪᠤᠯᠭᠠᠳᠠᠭ᠃ ᠲᠠᠶᠠᠭᠠᠷᠴᠢᠯᠠᠯ ᠤᠨ ᠤᠷᠤᠰᠬᠠᠯ ᠲᠤᠤᠷ᠎ᠠ ᠪᠤᠢ ᠪᠤᠯᠤᠭᠰᠠᠨ ᠢᠨᠲ᠋ᠸᠷᠨ᠋ᠸᠲ᠋ ᠮᠡᠷᠭᠡᠵᠢᠯ᠂ ᠲᠤᠤᠷ ᠰᠦᠯᠵᠢᠶᠡᠨ ᠤ ᠶᠢᠷᠳᠢᠨᠴᠦ᠂ ᠰᠢᠨ᠎ᠡ ᠵᠠᠭᠤᠴᠢᠯᠠᠭᠤᠷ ᠵᠡᠷᠭᠡ ᠤᠳᠤ ᠦᠶ᠎ᠡ ᠶᠢᠨ ᠰᠢᠨᠵᠢᠯᠡᠭᠡ ᠮᠡᠷᠭᠡᠵᠢᠯ ᠤᠨ ᠰᠤᠶᠤᠯ ᠤᠨ ᠤᠷᠤᠰᠢᠬᠤᠢ ᠡᠴᠡ ᠰᠢᠯᠳᠠᠭᠠᠯᠠᠭᠳᠠᠵᠤ᠂ ᠰᠢᠨ᠎ᠡ ᠡᠷᠢᠨ ᠤ ᠮᠤᠩᠭ᠋ᠤᠯ ᠲᠤᠭᠤᠵᠢᠰ ᠤᠨ ᠬᠡᠯᠡ ᠬᠡᠯᠡᠯᠭᠡ ᠶᠢᠨ ᠲᠸᠺᠰᠲ᠋᠂ ᠰᠤᠶᠤᠯ ᠰᠡᠳᠭᠢᠬᠦᠢ ᠶᠢᠨ ᠲᠠᠯᠳᠠ ᠪᠦᠳᠦᠴᠡ᠂ ᠤᠷᠠᠯᠢᠭ ᠰᠡᠳᠭᠢᠬᠦᠢ ᠳᠤ ᠮᠡᠳᠡᠭᠳᠡᠮ᠎ᠡ ᠬᠤᠪᠢᠷᠠᠯᠳᠠ ᠭᠠᠷᠴᠤ᠂ ᠵᠤᠬᠢᠶᠠᠯᠴᠢᠳ ᠤᠨ ᠤᠳᠤᠬᠢᠴᠢ ᠤᠬᠠᠮᠰᠠᠷ ᠢ ᠢᠯᠡᠷᠡᠭᠦᠯᠦᠭᠰᠡᠨ ᠪᠠᠢ᠌ᠨ᠎ᠠ᠃ ᠡᠭᠦᠨ ᠳᠤ ᠠᠩᠬᠠᠷᠤᠭᠤᠰᠢᠳᠠᠢ ᠨᠢ ᠮᠤᠩᠭ᠋ᠤᠯ ᠲᠤᠭᠤᠵᠢᠰ ᠤᠨ ᠵᠤᠬᠢᠶᠠᠯᠴᠢᠳ ᠡᠴᠡ ᠰᠦᠯᠵᠢᠶᠡᠨ ᠤ ᠶᠢᠷᠳᠢᠨᠴᠦ ᠳᠤ ᠦᠵᠡᠯ ᠰᠠᠨᠠᠭᠠᠨ ᠤ ᠪᠡᠯᠡᠳᠭᠡᠯ ᠶᠢᠡᠷ ᠲᠤᠳᠠᠮᠠᠭ ᠪᠠᠢ᠌ᠵᠤ᠂ ᠡᠨᠡ ᠬᠦ ᠪᠤᠳᠠᠳᠤ ᠤᠷᠤᠰᠢᠬᠤᠢ ᠶᠢ ᠬᠡᠷᠬᠢᠨ ᠢᠯᠡᠷᠡᠭᠦᠯᠬᠦ᠂ ᠲᠤᠭᠤᠵᠢᠰ ᠤᠨ ᠤᠢ᠌ᠯᠠᠭᠠᠭᠳᠠᠬᠤᠨ ᠶᠢᠡᠨ ᠬᠡᠷᠬᠢᠨ ᠬᠤᠪᠢᠷᠠᠭᠤᠯᠬᠤ ᠠᠰᠠᠭᠤᠳᠠᠯ ᠪᠢᠳᠡᠨ ᠤ ᠡᠮᠦᠨ᠎ᠡ ᠲᠠᠯᠪᠢᠭᠳᠠᠭᠰᠠᠨ ᠪᠠᠢ᠌ᠨ᠎ᠠ᠃ |
原文 |
查看原文
|
出自 |
中国蒙古学
2015年
第6期
|