摘要 |
《ᠰᠣᠶᠣᠩᠪᠤ》 ᠭᠡᠮᠡᠬᠦ ᠦᠪᠡᠷᠮᠢᠴᠡ ᠣᠨᠴᠠᠯᠢᠭ ᠪᠦᠬᠦᠢ ᠡᠨᠡᠨᠬᠦ ᠲᠡᠮᠳᠡᠭ 1924ᠣᠨ ᠡᠴᠡ ᠮᠣᠩᠭᠤᠯ ᠤᠯᠤᠰ ᠤᠨ ᠲᠦᠷᠦ ᠶᠢᠨ ᠰᠦᠯᠲᠡ ᠪᠡᠷ ᠪᠠᠲᠤᠯᠤᠭᠳᠠᠵᠤ᠂ ᠲᠠᠶᠠᠩ ᠲᠡᠯᠡᠭᠡᠢ ᠳ᠋ᠤ ᠮᠣᠨᠭᠤᠯ ᠤᠨ ᠪᠡᠯᠭᠡᠳᠡᠯ ᠢᠢᠡᠷ ᠲᠡᠮᠳᠡᠭᠯᠡᠭᠳᠡᠵᠦ᠂ ᠮᠠᠨᠳᠤᠨ ᠲᠤᠷᠠᠰᠬᠠᠭᠳᠠᠭᠰᠠᠨ ᠤ ᠬᠠᠮᠳᠤ ᠬᠦᠮᠦᠰ ᠤᠨ ᠰᠣᠨᠢᠷᠬᠠᠯ ᠢ ᠰᠦᠷᠡᠭᠡᠢ ᠲᠠᠲᠠᠭᠰᠠᠭᠠᠷ ᠢᠷᠡᠵᠡᠢ᠃ ᠲᠡᠢᠮᠦ ᠡᠴᠠ《ᠰᠣᠶᠣᠩᠪᠤ》 ᠲᠡᠮᠳᠡᠭ ᠤᠨ ᠡᠭᠦᠰᠦᠯ ᠭᠠᠷᠤᠯ᠂ ᠲᠡᠭᠦᠨ ᠤ ᠤᠳᠬ ᠠ ᠤᠬᠠᠭᠳᠠᠬᠤᠨ ᠢ ᠵᠦᠪ ᠤᠨᠤᠪᠴᠢᠲᠠᠢ ᠲᠠᠢᠯᠪᠤᠷᠢᠯᠠᠬᠤ ᠶᠠᠪᠤᠳᠠᠯ ᠶᠡᠷᠦ ᠠᠴᠢ ᠬᠤᠯᠪᠤᠭᠳᠠᠯ ᠦᠭᠡᠢ ᠬᠡᠷᠡᠭ ᠪᠣᠰᠤ ᠪᠦᠭᠡᠳ ᠡᠳᠦᠢ ᠲᠡᠳᠦᠢ ᠡᠷᠲᠡᠮᠲᠡᠨ ᠮᠡᠷᠭᠡᠳ ᠠᠩᠬᠠᠷᠤᠯ ᠳ᠋ᠠᠭᠠᠨ ᠠᠪᠤᠭᠰᠠᠭᠠᠷ ᠢᠷᠡᠵᠡᠢ᠃ ᠲᠤᠰ ᠦᠭᠦᠯᠡᠯ ᠮᠦᠨ ᠴᠦ ᠡᠷᠲᠡᠮᠳᠡᠨ ᠮᠡᠷᠭᠡᠳ ᠤᠨ ᠰᠣᠳᠤᠯᠭᠠᠨ ᠤ ᠰᠠᠭᠤᠷᠢ ᠲᠡᠭᠡᠷ ᠡ《ᠰᠣᠶᠣᠩᠪᠤ》ᠲᠡᠮᠳᠡᠭ ᠲᠤᠷ ᠠᠬᠤᠭᠤᠯᠤᠭᠳᠠᠭᠰᠠᠨ ᠮᠦᠩᠬᠡ ᠤᠳᠬ ᠠ ᠵᠢ ᠲᠤᠷᠰᠢᠨ ᠲᠠᠢᠯᠬᠤ ᠵᠢ ᠬᠢᠴᠢᠶᠡᠪᠡᠢ᠃ |