| 题名 |
《ᠦᠵᠡᠬᠦᠢ ᠳ᠋ᠤᠷ ᠬᠢᠯᠪᠠᠷ ᠪᠤᠯᠭᠠᠭᠰᠠᠨ ᠪᠢᠴᠢᠭ ᠤᠨ ᠲᠠᠰᠤᠯᠳᠠᠭᠰᠠᠨ ᠢ ᠢᠨᠤ ᠨᠦᠬᠦᠢᠬᠢᠯᠡᠭᠰᠡᠨ ᠪᠢᠴᠢᠭ》 ᠲᠡᠬᠢ ᠮᠠᠨᠵᠤ ᠲᠤᠯᠤᠭᠠᠢ ᠦᠭᠡ ᠶᠢᠨ ᠰᠣᠳᠤᠯᠭ᠎ᠠ |
| 作者 |
ᠤᠢᠷᠶᠠᠩᠬᠠᠳᠠᠢ ᠬᠦᠷᠡᠯᠪᠠᠭᠠᠲᠤᠷ︔ ᠨᠣᠮᠢᠨᠲᠠᠨᠠ |
| 关键词 |
《ᠨᠦᠬᠢᠯᠵᠢᠯᠡᠭᠰᠡᠨ ᠪᠢᠴᠢᠭ》︔ 《 ᠬᠢᠪᠠᠷ ᠪᠤᠯᠭᠠᠭᠰᠠᠨ ᠪᠢᠴᠢᠭ》︔ 《 ᠲᠠᠪᠤᠨ ᠬᠡᠯᠡᠨ ᠤ ᠲᠤᠯᠢ ᠪᠢᠴᠢᠭ》︔ ᠮᠠᠨᠵᠤ ᠲᠤᠯᠤᠭᠠᠢ ᠦᠭᠡ |
| 摘要 |
ᠰᠠᠢᠱᠠᠩᠭᠠ 《 ᠦᠵᠦᠭᠦᠷ ᠳ᠋ᠤᠷ ᠬᠢᠯᠪᠠᠷ ᠪᠣᠯᠭᠠᠭᠰᠠᠨ ᠪᠢᠴᠢᠭ ᠤᠨ ᠲᠠᠰᠤᠯᠳᠠᠭᠰᠠᠨ ᠢ ᠢᠨᠦ ᠨᠦᠬᠦᠯᠬᠢᠯᠡᠭᠰᠡᠨ ᠪᠢᠴᠢᠭ》 ᠳᠡᠭᠡᠨ ᠭᠤᠤᠯᠳᠠᠭᠤ ᠬᠠᠭᠠᠨ ᠤ ᠪᠢᠴᠢᠭᠰᠡᠨ ᠲᠤᠯᠢ ᠪᠢᠴᠢᠭ ᠲᠤ ᠲᠤᠯᠭᠠᠭᠤᠷᠢᠯᠠᠨ 《 ᠭᠤᠷᠪᠠᠨ ᠵᠦᠢᠯ ᠤᠨ ᠦᠭᠡ ᠬᠠᠳᠠᠮᠠᠯ ᠦᠵᠦᠭᠦᠷ ᠳ᠋ᠤᠷ ᠬᠢᠯᠪᠠᠷ ᠪᠤᠯᠭᠠᠭᠰᠠᠨ ᠪᠢᠴᠢᠭ》 ᠤᠨ ᠣᠷᠬᠢᠭᠳᠠᠭᠰᠠᠨ ᠮᠠᠨᠵᠦ᠂ ᠮᠣᠩᠭᠤᠯ᠂ ᠬᠢᠲᠠᠳ ᠬᠡᠯᠡᠨ ᠤ ᠵᠠᠷᠢᠮ ᠦᠭᠡ ᠳ᠋ᠤ ᠨᠦᠬᠦᠯᠲᠡ ᠵᠠᠯᠠᠷᠠᠭᠤᠯᠭ᠎ᠠ ᠬᠢᠪᠡ᠃ ᠲᠤᠰ ᠦᠭᠦᠯᠡᠯ ᠳ᠋ᠤ ᠲᠡᠭᠦᠨ ᠤ ᠳᠤᠲᠤᠷᠠᠬᠢ ᠮᠠᠨᠵᠦ ᠲᠯᠤᠤᠭᠠᠢ ᠦᠭᠡᠢ ᠲᠠᠢ ᠬᠤᠯᠪᠤᠭᠳᠠᠬᠤ ᠵᠠᠰᠠᠯᠲᠠ ᠵᠠᠯᠠᠷᠠᠭᠤᠯᠭ᠎ᠠ ᠵᠢ 《 ᠭᠤᠷᠪᠠᠨ ᠵᠦᠢᠯ ᠤᠨ ᠦᠭᠡ ᠬᠠᠳᠠᠮᠠᠯ ᠦᠵᠦᠭᠦᠷ ᠳ᠋ᠤᠷ ᠬᠢᠪᠠᠷ ᠪᠣᠯᠭᠠᠭᠰᠠᠨ ᠪᠢᠴᠢᠭ》᠂ 《 ᠬᠠᠭᠠᠨ ᠤ ᠪᠢᠴᠢᠭᠰᠡᠨ ᠲᠠᠪᠤᠨ ᠵᠦᠢᠯ ᠤᠨ ᠦᠰᠦᠭ ᠢᠢᠡᠷ ᠬᠠᠪᠰᠤᠷᠤᠭᠰᠠᠨ ᠮᠠᠨᠵᠦ ᠦᠭᠡᠨ ᠤ ᠲᠤᠯᠢ ᠪᠴᠢᠢᠭ》 ᠲᠠᠢ ᠬᠠᠷᠢᠴᠠᠭᠤᠯᠤᠨ᠂ ᠳᠡᠲᠡᠨ ᠤ ᠬᠤᠭᠤᠷᠤᠨᠳᠤᠬᠢ ᠠᠳᠠᠯᠢ ᠭᠠᠵᠠᠷ᠂ ᠢᠯᠭᠠᠭ᠎ᠠ ᠵᠦᠷᠢᠶ ᠠ ᠵᠢ ᠨᠢ ᠲᠤᠳᠤᠷᠠᠭᠤᠯᠪᠠ᠃ |
| 原文 |
查看原文
|
| 出自 |
内蒙古大学学报
2025年
第2期
|