| 题名 |
《 ᠮᠣᠩᠭᠤᠯ ᠤᠨ ᠨᠢᠭᠤᠴᠠ ᠲᠣᠪᠴᠢᠶᠠᠨ》 ᠳ᠋ᠤ ᠬᠢ ᠪᠠᠭᠠᠲᠤᠷ ᠢ ᠰᠢᠲᠦᠬᠦ ᠰᠡᠳᠬᠢᠬᠦᠢ ᠵᠢ ᠳᠦᠬᠦᠮ ᠦᠬᠦᠯᠡᠬᠦ ᠨᠢ |
| 作者 |
ᠰᠡᠴᠡᠩᠭᠡᠷᠡᠯ |
| 关键词 |
ᠪᠠᠭᠠᠲᠤᠷ ᠢ ᠰᠢᠲᠦᠬᠦ︔ ᠰᠡᠳᠬᠢᠬᠦᠢ︔ ᠮᠣᠩᠭᠤᠯ ᠤᠨ ᠨᠢᠭᠤᠴᠠ ᠲᠣᠪᠴᠢᠶᠠᠨ |
| 摘要 |
《 ᠮᠣᠩᠭᠤᠯ ᠤᠨ ᠨᠢᠭᠤᠴᠠ ᠲᠣᠪᠴᠢᠶᠠᠨ》 ᠨᠢ ᠲᠡᠯᠡᠬᠡᠢ ᠳ᠋ᠤ ᠲᠡᠦᠬᠡᠨ ᠤᠷᠠᠨ ᠵᠤᠬᠢᠶᠠᠯ ᠭᠡᠵᠦ ᠮᠡᠲᠷᠡᠭᠳᠡᠭᠰᠡᠨ ᠤ ᠬᠤᠪᠢ ᠳ᠋ᠤ13ᠳ᠋ᠤᠭᠠᠷ ᠵᠠᠭᠤᠨ ᠤ ᠮᠣᠩᠭᠤᠯᠴᠤᠳ ᠤᠨ ᠨᠡᠢᠭᠡᠮ ᠠᠮᠢᠳᠤᠷᠠᠯ᠂ ᠰᠡᠳᠬᠢᠬᠦᠢ ᠶᠢᠨ ᠬᠡᠯᠪᠡᠷᠢ᠂ ᠱᠠᠰᠢᠨ ᠰᠢᠲᠦᠯᠭᠡ ᠶᠢᠨ ᠲᠤᠬᠠᠢ ᠨᠠᠷᠢᠯᠢᠭ ᠲᠤᠳᠤ ᠢᠯᠡᠳᠭᠡᠵᠡᠢ᠃ ᠡᠭᠦᠨ ᠤ ᠳᠤᠳᠤᠷ ᠠ ᠡᠴᠡ ᠮᠣᠩᠭᠤᠯᠴᠤᠳ ᠤᠨ ᠰᠡᠳᠬᠢᠬᠦᠢ ᠶᠢᠨ ᠬᠡᠯᠪᠡᠷᠢ ᠶᠢᠨ ᠨᠢᠭᠡ ᠵᠦᠢᠯ ᠪᠤᠯᠬᠤ ᠪᠠᠭᠠᠲᠤᠷ ᠢ ᠰᠢᠲᠦᠬᠦ ᠰᠡᠳᠬᠢᠬᠦᠢ ᠵᠢ ᠰᠤᠩᠭᠤᠨ ᠰᠣᠳᠤᠯᠤᠯ᠂ ᠲᠡᠷᠡ ᠨᠢ ᠡᠷᠲᠡᠨ ᠤ ᠮᠣᠩᠭᠤᠯᠴᠤᠳ ᠤᠨ ᠳᠤᠮᠲᠠ ᠬᠤᠪᠢ ᠬᠦᠮᠦᠨ ᠳᠠᠭᠤᠳᠠᠬᠤ ᠨᠡᠷ ᠠ ᠡᠴᠡ ᠡᠬᠢᠯᠡᠨ ᠨᠡᠢᠭᠡᠮ ᠨᠡᠢᠲᠡ ᠶᠢᠨ ᠵᠠᠩ ᠵᠠᠩᠰᠢᠯ ᠳ᠋ᠤ ᠬᠦᠷᠲᠡᠯ ᠠ ᠢᠯᠡᠷᠡᠵᠦ᠂ ᠲᠤᠬᠠᠢ ᠶᠢᠨ ᠴᠠᠭ ᠦᠶ ᠡ ᠶᠢᠨ ᠣᠨᠴᠠᠯᠢᠭ ᠢ ᠠᠳᠬᠤᠵᠤ ᠪᠦᠷᠢᠯᠳᠦᠭᠰᠡᠨ ᠶᠤᠮ᠃ ᠮᠣᠩᠭᠤᠯᠴᠤᠳ ᠲᠤ ᠪᠠᠭᠠᠲᠤᠷ ᠢ ᠰᠢᠲᠦᠬᠦ ᠰᠡᠳᠬᠢᠬᠦᠢ ᠪᠤᠢ ᠪᠤᠯᠤᠭᠰᠠᠨ ᠨᠢ ᠲᠤᠬᠠᠢ ᠶᠢᠨ ᠦᠶ ᠡ ᠶᠢᠨ ᠨᠡᠢᠭᠡᠮ ᠪᠠᠢᠭᠠᠯᠢ ᠶᠢᠨ ᠨᠦᠬᠦᠴᠡᠯ ᠡᠴᠡ ᠰᠠᠯᠵᠤ ᠴᠢᠳᠠᠬᠤ ᠦᠭᠡᠢ ᠶᠤᠮ᠃ |
| 原文 |
没有原文
|
| 出自 |
呼伦贝尔学院学报
2021年
第1期
|