| 摘要 |
《 ᠳᠦᠷᠪᠡᠳ》 ᠭᠡᠬᠦ ᠦᠭᠡ ᠶᠢᠨ ᠢᠷᠡᠯ ᠭᠠᠷᠤᠯ ᠪᠠ ᠳᠦᠷᠪᠡᠳ ᠮᠣᠩᠭᠤᠯᠴᠤᠳ ᠤᠨ ᠠᠮᠢᠳᠤᠷᠠᠨ ᠰᠠᠭᠤᠷᠢᠰᠢᠵᠤ ᠪᠠᠢᠭᠰᠠᠨ ᠳᠦᠷᠪᠳ ᠬᠤᠰᠢᠭᠤᠨ ᠤ ᠡᠦᠰᠦᠯ ᠪᠦᠷᠢᠯᠳᠦᠯ ᠤᠨ ᠲᠤᠬᠠᠢ ᠨᠠᠷᠢᠨ ᠰᠣᠳᠤᠯᠤᠯ ᠬᠢᠬᠦ ᠨᠢ ᠲᠤᠰ ᠣᠷᠤᠨ ᠨᠤᠲᠤᠭ ᠤᠨ ᠠᠮᠠᠨ ᠶᠠᠷᠢᠶ ᠠ ᠵᠢ ᠪᠠᠢᠴᠠᠭᠠᠨ ᠰᠣᠳᠤᠯᠬᠤ ᠳ᠋ᠤ ᠳᠤᠲᠠᠭᠳᠠᠵᠤ ᠪᠤᠯᠤᠰᠢ ᠦᠭᠡᠢ ᠨᠢᠭᠡᠨ ᠡᠯᠸᠮᠸᠨ᠋ᠲ ᠪᠤᠯᠤᠨ᠎ᠠ᠃ ᠬᠡᠯᠡ ᠪᠤᠯ ᠰᠣᠶᠤᠯ ᠤᠨ ᠠᠴᠢᠶᠠᠯᠠᠭᠴᠢ᠂ ᠨᠤᠲᠤ ᠤᠨ ᠠᠶᠠᠯᠭᠤ ᠨᠢ ᠤᠷᠤᠨ ᠨᠤᠲᠤᠭ ᠤᠨ ᠰᠣᠶᠤᠯ ᠤᠨ ᠢᠯᠡᠷᠡᠬᠦ ᠬᠡᠯᠪᠡᠷᠢ ᠪᠤᠯᠳᠠᠭ᠃ ᠲᠤᠰ ᠦᠭᠦᠯᠠᠯ ᠳ᠋ᠤ ᠲᠦᠷᠪᠡᠳ ᠤᠨᠨᠡᠢᠭᠡᠮ ᠲᠡᠦᠬᠡ ᠪᠠ ᠤᠷᠤᠨ ᠨᠤᠲᠤᠭ ᠤᠨ ᠰᠣᠶᠤᠯ ᠤᠨ ᠣᠷᠴᠢᠨ ᠠᠬᠤᠢ ᠶᠢᠨ ᠲᠡᠦᠬᠡ ᠶᠢᠨ ᠬᠦᠭᠵᠢᠯᠲᠡ ᠶᠢᠨ ᠶᠠᠪᠤᠴᠠ ᠵᠢ ᠰᠣᠳᠤᠯᠬᠤ ᠪᠡᠷ ᠳᠠᠮᠵᠢᠨ ᠳᠦᠷᠪᠡᠳ ᠠᠮᠠᠨ ᠶᠠᠷᠢᠶᠠᠨ ᠤ ᠪᠤᠳᠤᠯᠢᠶᠠᠨᠲᠤ ᠰᠢᠨᠵᠢ ᠪᠠ ᠬᠣᠪᠢᠷᠠᠯᠲᠠᠲᠤ ᠣᠨᠴᠠᠯᠢᠭ ᠬᠡᠷᠬᠢᠨ ᠪᠤᠢ ᠪᠤᠯᠤᠭᠰᠠᠨ ᠨᠦᠬᠦᠴᠡᠯ ᠰᠢᠯᠲᠠᠭᠠᠨ ᠢ ᠲᠠᠢᠯᠪᠤᠷᠢᠯᠠᠬᠤ ᠵᠢ ᠵᠤᠷᠢᠭᠰᠠᠨ ᠪᠠᠢᠨ᠎ᠠ᠃ |