| 摘要 |
《 ᠮᠣᠩᠭᠤᠯ ᠤᠨ ᠨᠢᠭᠤᠴᠠ ᠲᠣᠪᠴᠢᠶᠠᠨ》 ᠲᠡᠷᠢᠬᠦᠲᠡᠢ ᠤᠯᠠᠨ ᠲᠡᠦᠬᠡ ᠰᠣᠳᠤᠷ ᠲᠤ ᠪᠢᠴᠢᠭᠳᠡᠨ ᠤᠷᠤᠭᠰᠠᠨ ᠪᠦᠭᠡᠳ ᠨᠡᠢᠲᠡ ᠮᠣᠩᠭᠤᠯᠴᠤᠳ ᠤᠨ ᠲᠠᠶᠠᠭᠠᠷ ᠢᠢᠡᠨ ᠮᠡᠳᠡᠳᠡᠭ ᠠᠯᠤᠨ ᠭᠤᠤ ᠠ ᠡᠬᠡ ᠶᠢᠨ ᠦᠯᠢᠭᠡᠷ ᠢ ᠶᠡᠬᠡᠩᠬᠢ ᠬᠦᠮᠦᠰ ᠲᠤᠮᠤᠭ ᠦᠯᠢᠭᠡᠷ ᠭᠡᠵᠦ ᠦᠵᠡᠭᠰᠡᠭᠡᠷ ᠢᠷᠡᠵᠡᠢ᠃ ᠲᠤᠰ ᠦᠭᠦᠯᠠᠯ ᠳ᠋ᠤ ᠠᠯᠤᠨ ᠭᠤᠤ ᠠ ᠡᠬᠡ ᠲᠠᠪᠤᠨ ᠮᠦᠰᠦᠨ ᠪᠡᠷ ᠬᠡᠦᠭᠡᠳ ᠢᠢᠡᠨ ᠰᠤᠷᠭᠠᠭᠰᠠᠨ ᠦᠯᠢᠭᠡᠷ ᠤᠨ ᠬᠡᠯᠪᠡᠷᠢ ᠪᠠ ᠤᠳᠬ ᠠ ᠶᠢᠨ ᠬᠠᠷᠢᠴᠠᠭ᠎ᠠ ᠵᠢ ᠲᠤᠳᠤᠭᠠᠲᠤ ᠭᠠᠳᠠᠭᠠᠲᠤ ᠶᠢᠨ ᠪᠤᠰᠤᠳ ᠠᠳᠠᠯᠢᠪᠲᠤᠷ ᠦᠯᠢᠭᠡᠷ ᠤᠳ ᠲᠠᠢ ᠬᠠᠷᠢᠴᠠᠭᠤᠯᠤᠨ ᠦᠭᠦᠯᠡᠬᠦ ᠪᠡᠷ ᠲᠠᠮᠵᠢᠭᠤᠯᠵᠤ᠂ ᠠᠯᠤᠨ ᠭᠤᠤ ᠠ ᠶᠢᠨ ᠦᠯᠢᠭᠡᠷ ᠪᠤᠯ ᠮᠣᠩᠤᠯ ᠦᠨᠳᠦᠰᠦᠲᠡᠨ ᠤ ᠡᠷᠲᠡᠨ ᠤ ᠨᠢᠭᠡᠨ ᠠᠯᠳᠠᠷᠲᠤ ᠶᠤᠭᠲᠠ ᠦᠯᠢᠭᠡᠷ ᠪᠤᠯᠬᠤ ᠵᠢ ᠨᠤᠲᠠᠯᠠᠬᠤ ᠪᠡᠷ ᠤᠷᠤᠯᠳᠤᠪᠠ᠃ |