| 题名 |
ᠠᠩᠯᠢ ᠬᠡᠯᠡᠨ ᠤ ᠵᠢᠭᠠᠨ ᠰᠤᠷᠭᠠᠯᠲᠠ ᠶᠢᠨ ᠶᠠᠪᠤᠴᠠ ᠳ᠋ᠤ ᠰᠤᠷᠤᠯᠭ᠎ᠠ ᠶᠢᠨ ᠵᠢᠯᠭᠤᠳᠤᠮᠵᠢ ᠶᠢᠨ ᠬᠦᠳᠦᠯᠪᠦᠷᠢ ᠵᠢ ᠠᠰᠢᠭᠯᠠᠨ ᠰᠤᠷᠤᠭᠴᠢᠳ ᠤᠨ ᠦᠪᠡᠷᠲᠡᠭᠡᠨ ᠰᠤᠷᠬᠤ ᠴᠢᠳᠠᠪᠤᠷᠢ ᠵᠢ ᠬᠦᠮᠦᠵᠢᠬᠦᠬᠦ |
| 作者 |
ᠡᠷᠳᠡᠮᠲᠦ |
| 关键词 |
ᠳᠤᠮᠳᠠᠳᠤ ᠰᠤᠷᠭᠠᠭᠤᠯᠢ︔ ᠠᠩᠯᠢ ᠬᠡᠯᠡ︔ ᠰᠤᠷᠤᠯᠭ᠎ᠠ ᠶᠢᠨ ᠵᠢᠯᠤᠭᠤᠲᠤᠮᠵᠢ ᠶᠢᠨ ᠬᠦᠲᠦᠯᠪᠦᠷᠢ︔ ᠦᠭᠡᠷᠡᠴᠢᠯᠡᠯᠲᠡ |
| 摘要 |
ᠳᠤᠮᠳᠠᠳᠤ ᠰᠤᠷᠭᠠᠭᠤᠯᠢ ᠶᠢᠨ ᠰᠢᠨ᠎ᠠ ᠬᠢᠴᠢᠶᠡᠯ ᠤᠨ ᠪᠠᠷᠢᠮᠵᠢᠶ ᠡ ᠳ᠋ᠤ ᠰᠤᠷᠤᠭᠴᠢᠳ ᠤᠨ ᠬᠦᠳᠡᠯᠦᠩᠬᠦᠢ ᠪᠡᠷ ᠢᠳᠡᠪᠬᠢᠲᠡᠢ ᠰᠤᠷᠤᠯᠴᠠᠬᠤ ᠤᠪᠤᠷ ᠳᠤᠷᠲᠠᠯ ᠢ ᠬᠦᠮᠦᠵᠢᠬᠦᠯᠵᠦ᠂ ᠰᠤᠷᠤᠯᠴᠠᠯᠭ᠎ᠠ ᠶᠢᠨ ᠶᠠᠪᠤᠴᠠ ᠵᠢ ᠤᠢᠯᠠᠭᠠᠨ᠂ ᠬᠠᠷᠢᠯᠴᠠᠨ ᠬᠠᠮᠲᠤᠷᠠᠯᠴᠠᠭ᠎ᠠ ᠵᠢ ᠰᠤᠷᠬᠤ᠂ ᠤᠷᠤᠰᠢᠨ ᠲᠤᠭᠲᠠᠨᠢᠬᠤ ᠵᠢ ᠰᠤᠷᠬᠤ᠂ ᠬᠦᠮᠦᠨ ᠪᠤᠴᠯᠬᠤ ᠶᠠᠪᠤᠴᠠ ᠵᠢ ᠰᠤᠷᠬᠤ ᠶᠠᠪᠤᠴᠠ ᠪᠤᠯᠭᠠᠨ ᠬᠤᠪᠢᠷᠠᠭᠤᠯᠤᠨ᠎ᠠ ᠭᠡᠵᠦ ᠲᠤᠳᠤᠷᠬᠠᠢ ᠲᠤᠭᠲᠠᠭᠠᠭᠰᠠᠨ ᠪᠠᠢᠨ᠎ᠠ᠃ ᠤᠳᠤᠬᠠᠨ ᠤ ᠨᠡᠢᠭᠡᠮ ᠤᠨ ᠦᠳᠲᠡᠷ ᠲᠦᠡᠭᠡᠨ ᠬᠦᠭᠵᠢᠯᠲᠡ ᠵᠢ ᠳᠠᠭᠠᠯᠲᠤᠨ ᠤᠯᠠᠮᠵᠢᠯᠠᠯᠲᠤ ᠵᠢᠭᠠᠨ ᠰᠤᠷᠭᠠᠯᠲᠠ ᠶᠢᠨ ᠬᠡᠯᠪᠡᠷᠢ ᠪᠠ ᠠᠷᠭ᠎ᠠ ᠪᠠᠷᠢᠯ ᠨᠢ ᠨᠢᠭᠡᠨᠲᠡ ᠰᠢᠨ᠎ᠠ ᠴᠡᠭ ᠦᠶ ᠡ ᠶᠢᠨ ᠵᠢᠭᠠᠨ ᠰᠤᠷᠭᠠᠯᠲᠠ ᠶᠢᠨ ᠬᠦᠭᠵᠢᠯᠲᠡ ᠶᠢᠨ ᠪᠤᠳᠠᠳᠤ ᠱᠠᠭᠠᠷᠳᠠᠯᠭ᠎ᠠ ᠳ᠋ᠤ ᠵᠤᠬᠢᠴᠠᠬᠤ ᠪᠠᠨ ᠪᠤᠯᠢᠵᠦ᠂ ᠴᠠᠭ ᠦᠶ᠎ᠡ ᠶᠢᠨ ᠡᠭᠦᠷᠭᠡ ᠵᠢ ᠡᠬᠭᠦᠷᠭᠡᠯᠡᠵᠦ ᠲᠡᠢᠯᠬᠦ ᠪᠠᠨ ᠪᠤᠯᠤᠭᠰᠠᠨ ᠡᠴᠡ ᠵᠢᠭᠠᠨ ᠰᠤᠷᠭᠠᠯᠲᠠ ᠶᠢᠨ ᠶᠠᠪᠤᠴᠠ ᠳ᠋ᠤ ᠵᠠᠪᠠᠯ ᠴᠠᠭ ᠲᠤᠬᠠᠢ ᠳ᠋ᠤ ᠨᠢ ᠦᠭᠡᠷᠡᠴᠢᠯᠡᠯᠲᠡ ᠬᠢᠬᠦ ᠨᠢ ᠮᠠᠰᠢ ᠴᠢᠬᠤᠯᠠ ᠪᠤᠯᠤᠭᠰᠠᠨ ᠪᠠᠢᠨ᠎ᠠ᠃ ᠲᠤᠰ ᠦᠭᠦᠯᠠᠯ ᠳ᠋ᠤ ᠳᠤᠮᠳᠠᠳᠤ ᠰᠤᠷᠭᠠᠭᠤᠯᠢ ᠶᠢᠨ ᠠᠩᠯᠢ ᠬᠡᠯᠡᠨ ᠤ ᠬᠢᠴᠢᠶᠡᠯ ᠤᠨ ᠦᠭᠡᠷᠡᠴᠢᠯᠡᠯᠲᠡ ᠵᠢ ᠰᠤᠷᠤᠯᠭ᠎ᠠ ᠶᠢᠨ ᠵᠢᠯᠤᠭᠤᠳᠤᠮᠵᠢ ᠶᠢᠨ ᠬᠦᠲᠦᠯᠪᠤᠷᠢ ᠶᠢᠨ ᠦᠭᠡᠷᠡᠴᠢᠡᠯᠯᠲᠡ ᠡᠴᠡ ᠭᠠᠷᠳᠠᠨ ᠬᠢᠪᠡᠯ ᠰᠠᠶᠢ ᠦᠨᠳᠦᠰᠦᠨ ᠡᠴᠡ ᠨᠢ ᠳᠡᠭᠡᠭᠰᠢᠯᠡᠬᠦᠯᠬᠦ ᠶᠢᠨ ᠲᠤᠬᠠᠢ ᠳᠦᠬᠦᠮ ᠦᠭᠦᠯᠡᠭᠰᠡᠨ ᠪᠠᠢᠨ᠎ᠠ᠃ |
| 原文 |
查看原文
|
| 出自 |
呼伦贝尔学院学报
2020年
第2期
|