| 摘要 |
ᠮᠠᠨᠵᠦ ᠬᠡᠯᠡ ᠪᠢᠴᠢᠭ ᠨᠢ ᠴᠢᠩ ᠤᠯᠤᠰ ᠤᠨ ᠦᠶ ᠡ ᠳ᠋ᠤ《 ᠲᠦᠷᠦ ᠶᠢᠨ ᠬᠡᠯᠡ》᠂《 ᠤᠯᠤᠰ ᠤᠨ ᠪᠢᠴᠢᠭ》 ᠤᠨᠪᠠᠢᠷᠢ ᠰᠠᠭᠤᠷᠢ ᠲᠠᠢ ᠪᠠᠢᠵᠦ᠂ ᠴᠢᠩ ᠤᠯᠤᠰ ᠪᠠᠢᠭᠤᠯᠤᠯᠭᠳᠠᠭᠰᠠᠨ ᠡᠴᠡ ᠠᠪᠤᠭᠠᠳ ᠮᠦᠬᠦᠬᠦ ᠬᠦᠷᠲᠡᠯᠡᠬᠢ300 ᠭᠠᠷᠤᠢ ᠵᠢᠯ ᠤᠨ ᠬᠤᠭᠤᠴᠠᠭᠠᠨ ᠤ ᠲᠡᠦᠬᠡ ᠰᠣᠶᠤᠯ ᠢ ᠴᠦᠮ ᠮᠠᠨᠵᠦ ᠬᠡᠯᠡ ᠪᠡᠷ ᠪᠢᠴᠢᠭᠯᠡᠭᠰᠡᠨ ᠪᠠᠢᠨ᠎ᠠ᠃ ᠲᠤᠰ ᠦᠭᠦᠯᠠᠯ ᠳ᠋ᠤ ᠶᠠᠭᠤᠨ ᠤ ᠡᠮᠦᠨ᠎ᠠ᠂ ᠮᠠᠨᠵᠦ ᠦᠰᠦᠭ ᠤᠨ ᠵᠤᠬᠢᠶᠠᠭᠳᠠᠵᠤ ᠦᠭᠡᠷᠡᠴᠢᠯᠡᠭᠳᠡᠭᠰᠡᠨ᠂ ᠬᠦᠭᠵᠢᠵᠦ ᠪᠠᠭᠤᠷᠠᠭᠰᠠᠨ ᠪᠠᠢᠳᠠᠯ ᠢ ᠲᠠᠨᠢᠯᠴᠠᠭᠤᠯᠵᠤ᠂ ᠳᠠᠷᠠᠭ᠎ᠠ ᠨᠢ ᠮᠠᠨᠵᠦ ᠶᠠᠷᠢᠶᠠᠨ ᠤ ᠬᠡᠯᠡ ᠪᠠ ᠪᠢᠴᠢᠭ ᠤᠨ ᠬᠡᠯᠡᠨ ᠤ ᠤᠳᠤᠬᠢ ᠪᠠᠢᠳᠠᠯ ᠵᠢᠴᠢ ᠮᠠᠨᠵᠦ ᠬᠡᠯᠡᠨ ᠤ ᠰᠣᠳᠤᠯᠭᠠᠨ ᠤ ᠪᠠᠢᠳᠠᠯ ᠢ ᠳᠦᠬᠦᠮ ᠲᠠᠨᠢᠯᠴᠠᠭᠤᠯᠵᠤ᠂ ᠬᠠᠮᠤᠭ ᠰᠡᠭᠦᠯ ᠳ᠋ᠤ ᠪᠠᠲᠤ ᠪᠡᠬᠢ ᠮᠣᠩᠭᠤᠯ ᠬᠡᠯᠡ ᠪᠢᠴᠢᠭ ᠤᠨ ᠰᠠᠭᠤᠷᠢ ᠲᠠᠢ ᠵᠠᠯᠭᠤ ᠨᠢᠭᠡ ᠦᠶ ᠡ ᠶᠢᠨ ᠬᠢᠨ ᠤ ᠮᠠᠨᠵᠤ ᠰᠣᠳᠤᠯᠭᠠᠨ ᠳ᠋ᠤ ᠢᠳᠡᠪᠬᠢᠯᠡᠨ ᠤᠷᠤᠯᠴᠠᠬᠤ ᠶᠢᠨ ᠴᠢᠬᠤᠯᠠ ᠴᠢᠠᠨᠷ ᠢ ᠦᠭᠦᠯᠡᠵᠦ᠂ ᠡᠨᠡᠨ ᠠᠰᠠᠭᠤᠳᠠᠯ ᠢ ᠨᠡᠢᠭᠡᠮ ᠨᠡᠢᠲᠡ ᠪᠡᠷ ᠢᠢᠡᠨ ᠬᠦᠨᠳᠦᠳᠭᠡᠨ ᠲᠡᠮᠵᠢᠬᠦ ᠳ᠋ᠤ ᠬᠦᠷᠪᠡᠯ ᠮᠠᠨᠵᠤ ᠰᠣᠳᠤᠯᠭᠠᠨ ᠨᠡᠩ ᠦᠨᠳᠦᠷ ᠲᠡᠭᠳᠡᠷᠴᠡ ᠳ᠋ᠤ ᠠᠬᠢᠵᠤ ᠴᠢᠳᠠᠨᠠᠭᠡᠰᠡᠨ ᠦᠵᠡᠯᠲᠡ ᠪᠠᠨ ᠦᠭᠦᠯᠡᠵᠡᠢ᠃ |