摘要 |
ᠶᠤᠸᠠᠨ ᠤᠯᠤᠰ ᠤᠨ ᠰᠢᠯᠭᠠᠭᠤᠯᠢ ᠨᠢ ᠦᠬᠡᠳᠡᠢ ᠬᠠᠭᠠᠨ ᠦ ᠶᠢᠰᠦᠳᠦᠭᠡᠷ ᠤᠨ ᠳᠤ ᠡᠬᠢᠯᠡᠭᠰᠡᠨ ᠡᠴᠡ ᠶᠤᠸᠠᠨ ᠱᠦᠨ ᠳ᠋ᠢ ᠬᠠᠭᠠᠨ ᠦ ᡁᠢ ᠵᠸᠩ ᠤᠨ ᠬᠤᠷᠢᠨ ᠨᠢ᠌ᠮᠠᠳᠦᠭᠠᠷ ᠤᠨ ᠳᠤ ᠶᠤᠸᠠᠨ ᠤᠯᠤᠰ ᠮᠦᠬᠦᠬᠦ ᠪᠤᠯᠳᠠᠯ ᠠ ᠤᠷᠢᠳ ᠬᠤᠵᠢᠳ ᠵᠠᠭᠤ ᠭᠤᠴᠢᠨ ᠨᠢᠭᠡᠨ ᠵᠢᠯ ᠦᠷᠭᠦᠯᠵᠢᠯᠡᠪᠡ᠂ ᠡᠨᠡ ᠬᠤᠭᠤᠴᠠᠭᠠᠨ ᠳᠤ ᠰᠢᠯᠭᠠᠭᠤᠯᠢ ᠶᠢ ᠠᠷᠪᠠᠨ ᠲᠤᠯᠤᠭ᠎ᠠ ᠤᠳᠠᠭ᠎ᠠ ᠶᠠᠪᠤᠭᠳᠠᠭᠤᠯᠵᠤ᠂ ᠤᠳᠤᠭ ᠤᠨ ᠰᠢᠯᠭᠠᠯᠲᠠ᠂ ᠴᠤᠭᠯᠠᠭᠠᠨ ᠦ ᠰᠢᠯᠭᠠᠯᠲᠠ ᠪᠤᠯᠤᠨ ᠤᠷᠳᠤᠨ ᠦ ᠰᠢᠯᠭᠠᠯᠲᠠ ᠬᠡᠬᠦ ᠭᠤᠷᠪᠠᠨ ᠳᠡᠰ ᠤᠨ ᠰᠢᠯᠭᠠᠯᠲᠠ ᠪᠠᠷ ᠳᠠᠮᠵᠢᠨ 4800ᠢᠯᠡᠭᠦᠦ ᠶᠡᠬᠡ ᠪᠡᠭ᠎ᠠ ᠨᠤᠶᠠᠳ ᠪᠠ ᠡᠷᠳᠡᠮᠳᠡᠳᠨ ᠢ ᠰᠤᠩᠭᠤᠨ ᠡᠯᠰᠡᠭᠡᠳ ᠬᠠᠭᠠᠨᠳᠤ ᠲᠦᠷᠦ ᠶᠢᠨ ᠨᠤᠶᠠᠷᠬᠠᠯ ᠳᠠᠭᠠᠨ ᠦᠢᠯᠡᠴᠢᠯᠡᠭᠦᠯᠵᠡᠢ᠃ ᠰᠢᠯᠭᠠᠭᠤᠯᠢ ᠨᠢ ᠶᠤᠸᠠᠨ ᠤᠯᠤᠰ ᠤᠨ ᠤᠯᠤᠰ ᠲᠦᠷᠦ ᠶᠢᠨ ᠲᠦᠷᠢᠮ ᠪᠠ ᠰᠣᠷᠭᠠᠭᠣᠯᠢ ᠶᠢᠨ ᠲᠦᠷᠢᠮ ᠲᠠᠢ ᠵᠤᠬᠢᠴᠠᠯᠳᠤᠭᠠᠳ ᠂ ᠹᠸᠦᠳᠡᠯ ᠨᠤᠶᠠᠷᠬᠠᠯ ᠢ ᠪᠢᠬᠢᠵᠢᠭᠦᠯᠭᠦ ᠳᠤ ᠴᠢᠬᠤᠯᠠ ᠦᠢᠯᠡᠳᠦᠯ ᠦᠵᠡᠭᠦᠯᠦᠭᠰᠡᠨ ᠶᠤᠮ᠃ |