| 题名 | 
                ᠬᠢᠮᠠᠯ ᠤᠶᠤᠨ ᠤ ᠴᠠᠭ ᠦᠶ ᠡ ᠳ᠋ᠡᠬᠢ ᠨᠣᠮ ᠤᠨ ᠰᠠᠩ ᠳ᠋ᠤ ᠲᠤᠯᠭᠠᠷᠠᠵᠤ ᠪᠠᠢᠭᠠ ᠬᠦᠴᠢᠷᠲᠡᠯ ᠵᠢᠴᠢ ᠰᠢᠢᠳᠷᠢᠯᠡᠬᠦ ᠠᠷᠭᠠ ᠠᠪᠴᠠᠯ | 
            
            
                | 作者 | 
                ᠤᠶᠤᠨᠳᠠᠯᠠᠢ | 
            
            
                | 关键词 | 
                ᠨᠣᠮ ᠤᠨ ᠰᠠᠩ︔ ᠬᠢᠮᠠᠯ ᠤᠶᠤᠨ ᠤ ᠮᠡᠷᠭᠡᠵᠢᠯ︔ ᠬᠡᠷᠭᠯᠡᠯᠲᠡ | 
            
            
                | 摘要 | 
                ᠤᠢᠷ ᠠ ᠶᠢᠨ ᠵᠢᠯ ᠳ᠋ᠤ ᠬᠢᠮᠠᠨ ᠤᠶᠤᠨ ᠤ ᠬᠠᠮᠢᠶ ᠠ ᠪᠦᠬᠦᠢ ᠮᠡᠷᠭᠡᠵᠢᠯ ᠤᠴᠨ ᠬᠡᠷᠭᠡᠯᠡᠭᠡᠨ ᠨᠢ ᠨᠣᠮ ᠤᠨ ᠰᠠᠩ ᠤᠨ ᠬᠦᠷᠢᠶᠡᠨ ᠳ᠋ᠤ ᠯᠤᠲᠤ ᠶᠡᠬᠡ ᠬᠦᠭᠵᠢᠯᠲᠡ ᠶᠢᠨ ᠳᠠᠯᠲᠠ ᠬᠦᠴᠦᠨ ᠢ ᠠᠪᠴᠢᠷᠠᠵᠤ᠂ ᠬᠡᠷᠭᠡᠯᠡᠭᠡᠨ ᠤ ᠬᠡᠪᠴᠢᠶ ᠡ ᠨᠢ ᠲᠠᠰᠤᠷᠠᠯᠲᠡ ᠦᠭᠡᠢ ᠦᠷᠭᠡᠵᠢᠨ᠂ ᠬᠡᠷᠭᠡᠯᠡᠭᠡᠨ ᠤ ᠦᠷ ᠡ ᠪᠦᠲᠦᠭᠡᠯ ᠨᠢ ᠤᠯᠠᠮ ᠡᠴᠡ ᠤᠯᠠᠮ ᠦᠷᠭᠡᠨ ᠤᠯᠠᠨ ᠬᠡᠷᠡᠭᠯᠡᠭᠴᠢᠳ ᠤᠨ ᠠᠩᠬᠠᠷᠤᠯ ᠢ ᠲᠠᠳᠠᠵᠤ᠂ ᠬᠡᠷᠡᠭᠯᠡᠭᠴᠢᠳ ᠲᠤ ᠨᠡᠩ ᠳᠦᠬᠦᠮ ᠲᠦᠳᠡ᠂ ᠤᠶᠤᠨᠴᠢ ᠦᠢᠯᠡᠴᠢᠯᠭᠡᠨ ᠬᠠᠩᠭᠠᠪᠠ᠃ᠤᠳᠤᠬᠢ ᠱᠠᠲᠤᠨ ᠳ᠋ᠤ ᠨᠣᠮ ᠤᠨ ᠰᠠᠩ ᠤᠨ ᠲᠦᠭᠦᠭᠡᠷᠦᠮᠵᠢ ᠶᠢᠨ ᠤᠶᠤᠨᠴᠢᠯᠯᠠᠲᠡ ᠶᠢᠨ ᠬᠡᠮᠡᠵᠢᠶ ᠡ ᠨᠡᠯᠢᠶᠡᠳ ᠲᠤᠤᠷ ᠠ᠂ ᠬᠡᠷᠡᠭᠯᠡᠭᠴᠢᠳ ᠤᠨ ᠮᠡᠳᠡᠭᠡ ᠵᠠᠩᠭᠢ ᠶᠢᠨ ᠬᠠᠮᠭᠠᠯᠠᠯᠲᠠ ᠲᠡᠭᠦᠯᠳᠡᠷᠵᠢᠭᠡᠳᠦᠢ᠂ ᠨᠣᠮ ᠤᠨ ᠰᠠᠩ ᠤᠨ ᠠᠵᠢᠯᠲᠠᠨ ᠤ ᠪᠦᠲᠦᠴᠡ ᠵᠣᠬᠢᠰ ᠦᠭᠡᠢ᠂ ᠨᠣᠮ  ᠤᠨ ᠰᠠᠩ  ᠤᠨ ᠵᠠᠷᠤᠳᠠᠯ ᠪᠠᠴᠢᠮ ᠵᠡᠷᠭᠡ ᠬᠦᠴᠢᠷᠲᠡᠯ ᠤᠷᠤᠰᠢᠵᠤ ᠪᠠᠢᠨᠠ᠃ ᠡᠭᠦᠨ ᠢ ᠦᠨᠳᠦᠰᠦᠯᠡᠵᠦ ᠵᠤᠬᠢᠬᠤ ᠰᠢᠢᠳᠪᠦᠷᠢᠯᠡᠬᠦ ᠠᠷᠭᠠ ᠪᠤᠳᠤᠯᠭᠠ ᠵᠢ ᠳᠤᠷᠠᠳᠤᠨ ᠭᠠᠷᠭᠠᠵᠤ᠂ ᠨᠣᠮ ᠤᠨ ᠰᠠᠩ ᠤᠨ ᠬᠠᠮᠢᠶᠠᠷᠤᠯᠲᠠ ᠪᠤᠯᠤᠨ ᠦᠢᠯᠡᠴᠢᠯᠡᠭᠡᠨ ᠤ ᠴᠢᠳᠠᠪᠤᠷᠢ ᠵᠢ ᠤᠯᠠᠮ ᠨᠢᠭᠡ ᠠᠯᠬᠤᠮ ᠲᠡᠭᠡᠭᠰᠢᠯᠡᠬᠦᠯᠵᠦ᠂ ᠨᠣᠮ ᠤᠨ ᠰᠠᠩ ᠤᠨ ᠬᠠᠮᠢᠶᠠᠷᠤᠯᠲᠠ ᠪᠤᠯᠤᠨ ᠦᠢᠯᠡᠴᠢᠯᠡᠭᠡᠨ ᠤ ᠴᠢᠳᠠᠪᠤᠷᠢ ᠵᠢ ᠤᠯᠠᠮ ᠨᠢᠭᠡ ᠠᠯᠬᠤᠮ ᠲᠡᠭᠡᠭᠰᠢᠯᠡᠬᠦᠯᠵᠦ᠂ ᠨᠣᠮ ᠤᠨ ᠰᠠᠩ ᠤᠨ ᠤᠶᠤᠨᠴᠢᠯᠠᠯᠲᠠ ᠶᠢᠨ ᠬᠡᠯᠪᠡᠷᠢ ᠶᠢᠨ ᠬᠠᠪᠢᠷᠠᠯᠲᠠ ᠵᠢ ᠠᠬᠢᠭᠤᠯᠬᠤ ᠴᠢᠬᠤᠯᠠᠲᠠᠢ᠃ | 
            
            
                | 原文 | 
                
                    
                    没有原文
                    
                 | 
            
          
            | 出自 | 
            
              内蒙古社会科学(蒙文版)
              2024年
               第2期
             |