题名 |
ᠮᠣᠩᠭᠤᠯᠴᠤᠳ ᠤᠨ ᠤᠷᠭᠤᠮᠠᠯ ᠢᠢᠡᠷ ᠨᠡᠷᠡᠯᠡᠭᠰᠡᠨ ᠨᠠᠢᠯ ᠤᠨ ᠲᠤᠮᠤᠭ ᠶᠠᠷᠢᠶ ᠡ ᠳ᠋ᠡᠬᠢ ᠠᠮᠢ ᠠᠬᠤᠢ ᠶᠢᠨ ᠰᠢᠨᠵᠢᠯᠡᠯ |
作者 |
ᠪᠠᠢ ᠳ᠋ᠠᠨ ᠳ᠋ᠠᠨ |
关键词 |
ᠮᠣᠩᠭᠤᠯᠴᠤᠳ︔ ᠤᠷᠭᠤᠮᠠᠯ︔ ᠠᠢᠯ︔ ᠲᠤᠮᠤᠭ ᠶᠠᠷᠢᠶ ᠠ︔ ᠠᠮᠢ ᠠᠬᠤᠢ |
摘要 |
ᠲᠤᠤᠮᠭ ᠶᠠᠷᠢᠶ ᠠ ᠪᠤᠯ ᠤᠷ4ᠤᠨᠨᠤᠲᠤᠭ ᠤᠨ ᠲᠡᠦᠬᠡ ᠰᠣᠶᠤᠯ ᠢ ᠵᠠᠯᠭᠠᠮᠵᠢᠯᠠᠨ ᠬᠦᠭᠵᠢᠬᠦᠯᠬᠦ᠂ ᠰᠣᠶᠤᠯ ᠤᠨ ᠦᠪ ᠢ ᠤᠯᠠᠮᠵᠢᠯᠠᠨ ᠬᠠᠮᠠᠭᠠᠯᠠᠬᠤ ᠳ᠋ᠤ ᠮᠰᠢ ᠴᠢᠬᠤᠯᠠ ᠦᠢᠯᠡᠳᠦᠯ ᠲᠠᠢ ᠶᠤᠮ᠃ ᠤᠷᠭᠤᠮᠠᠯ ᠢᠢᠡᠷ ᠨᠡᠷᠡᠯᠡᠭᠰᠡᠨ ᠠᠢᠯ ᠤᠨ ᠲᠤᠮᠤᠭ ᠶᠠᠷᠢᠶ ᠠ ᠪᠤᠯ ᠮᠣᠩᠭᠤᠯᠴᠤᠳ ᠤᠨ ᠲᠦᠪᠯᠡᠷᠡᠨ ᠰᠠᠭᠤᠭᠰᠠᠨ ᠭᠠᠵᠠᠷ ᠤᠨ ᠨᠡᠷ ᠠ ᠶᠢᠨ ᠲᠤᠮᠤᠭ ᠶᠠᠷᠢᠶ ᠠ ᠶᠢᠨ ᠴᠢᠬᠤᠯᠠ ᠨᠢᠭᠡᠨ ᠪᠦᠷᠢᠯᠳᠦᠬᠦᠨ ᠬᠡᠰᠡᠭ ᠪᠤᠯᠤᠨ᠎ᠠ᠃ ᠲᠡᠷᠡ ᠨᠢ ᠠᠭᠤᠯᠭ᠎ᠠ ᠪᠡᠷ ᠪᠠᠶᠠᠯᠢᠭ᠂ ᠦᠪᠡᠷᠮᠢᠴᠡ ᠣᠨᠴᠠᠯᠢᠭ ᠲᠠᠢ ᠪᠠᠢᠳᠠᠭ᠃ ᠦᠭᠦᠯᠡᠯ ᠳ᠋ᠤ ᠠᠮᠢ ᠠᠬᠤᠢ ᠶᠢᠨ ᠤᠬᠠᠭᠠᠨ ᠤ ᠬᠠᠷᠭᠠᠰᠤ ᠡᠴᠡ ᠲᠡᠭᠦᠨ ᠢ ᠪᠤᠷᠭᠠᠰᠤ᠂ ᠮᠤᠲᠤ᠂ ᠡᠪᠡᠰᠤ ᠲᠠᠢ ᠬᠣᠯᠪᠤᠭᠳᠠᠭᠰᠠᠨ ᠲᠤᠮᠤᠭ ᠶᠠᠷᠢᠶ ᠠ ᠭᠡᠬᠦ ᠭᠤᠷᠪᠠᠨ ᠲᠦᠷᠦᠯ ᠳ᠋ᠤ ᠬᠣᠪᠢᠶᠠᠨ ᠵᠠᠳᠠᠯᠵᠤ᠂ ᠣᠨᠴᠠᠯᠢᠭ ᠢ ᠨᠢ ᠲᠡᠦᠬᠡᠲᠦ ᠬᠦᠮᠦᠨ ᠲᠠᠢ ᠤᠶᠠᠯᠳᠤᠭᠰᠠᠨ ᠰᠢᠨᠵᠢ᠂ ᠷᠢᠳᠢ ᠰᠢᠳᠢᠳᠦ ᠬᠦᠮᠦᠨ ᠲᠠᠢ ᠤᠶᠠᠯᠳᠤᠭᠰᠠᠨ ᠰᠢᠨᠵᠢ᠂ ᠡᠬᠡᠯᠴᠤᠳ ᠲᠠᠢ ᠤᠶᠠᠯᠳᠤᠭᠰᠠᠨ ᠰᠢᠨᠵᠢ ᠲᠠᠢ ᠭᠡᠵᠦ ᠬᠣᠪᠢᠶᠠᠨ ᠰᠢᠨᠵᠢᠯᠡᠭᠰᠡᠨ ᠲᠡᠭᠦᠨ ᠤ ᠠᠮᠢ ᠠᠬᠤᠢ ᠶᠢᠨ ᠦᠨ᠎ᠠ ᠴᠠᠨ᠎ᠠ ᠵᠢ ᠢᠯᠡᠷᠡᠬᠦᠯᠬᠦ ᠵᠢ ᠵᠤᠷᠢᠭᠰᠠᠨ ᠪᠠᠢᠨ᠎ᠠ᠃ |
原文 |
没有原文
|
出自 |
内蒙古民族大学学报(社会科学)
2024年
第1期
|