题名 |
ᠶᠡᠬᠡ ᠮᠣᠩᠭᠤᠯ ᠤᠯᠤᠰ ᠪᠠ ᠶᠤᠸᠠᠨ ᠤᠯᠤᠰ ᠤᠨ ᠤᠷᠢᠳᠤᠬᠢ ᠬᠠᠭᠠᠳ ᠤᠨ ᠬᠠᠲᠤᠳ ᠪᠠ ᠲᠠᠳᠠᠪᠤᠷᠢ ᠨᠤᠭᠤᠳ ᠲᠤ ᠶᠠᠪᠤᠭᠤᠯᠤᠭᠰᠠᠨ ᠰᠢᠳᠭᠡᠬᠦ ᠲᠦᠷᠢᠮ ᠢ ᠰᠢᠨᠵᠢᠯᠡᠬᠦ ᠨᠢ |
作者 |
ᠣᠷᠭᠢᠯ︔ ᠤᠷᠭᠤᠮᠠᠯ |
关键词 |
ᠶᠡᠡᠬ ᠮᠣᠩᠭᠤᠯ ᠤᠯᠤᠰ ᠪᠠ ᠶᠤᠸᠠᠨ ᠤᠯᠤᠰ︔ ᠤᠷᠢᠳᠤᠬᠢ ᠬᠠᠭᠠᠳ ᠤᠨ ᠬᠠᠲᠠᠳ ᠪᠠ ᠲᠠᠳᠠᠪᠤᠷᠢ |
摘要 |
ᠶᠡᠬᠡ ᠮᠣᠩᠭᠤᠯ ᠤᠯᠰ ᠪᠠ ᠶᠤᠸᠠᠨ ᠤᠯᠤᠰ ᠤᠨ ᠦᠶ ᠡ ᠳ᠋ᠤ ᠤᠷᠢᠳᠤᠬᠢ ᠬᠠᠭᠠᠳ ᠨᠠᠰᠤ ᠪᠠᠷᠠᠭᠰᠠᠨ ᠤ ᠲᠠᠷᠠᠭ᠎ᠠ ᠲᠡᠳᠡᠨ ᠤ ᠬᠠᠲᠤᠳ ᠡᠴᠡ ᠲᠦᠷᠦ ᠶᠢᠨ ᠡᠷᠭᠡ ᠵᠢ ᠲᠦᠷ ᠴᠠᠭ ᠠᠳᠬᠤᠵᠤ᠂ ᠬᠠᠭᠠᠨ ᠰᠠᠭᠤᠷᠢᠨ ᠤ ᠲᠡᠮᠡᠴᠡᠭᠡᠨ ᠳ᠋ᠤ ᠤᠷᠤᠨᠴᠠᠳᠠᠭ ᠪᠠᠢᠯ ᠠ᠃ ᠡᠭᠦᠨ ᠤ ᠳ᠋ᠤᠩ ᠳ᠋ᠤᠢᠯᠠᠭᠳᠠᠭᠰᠠᠨ ᠬᠠᠲᠤᠳ ᠪᠠ ᠲᠠᠲᠠᠪᠤᠷᠢ ᠨᠤᠭᠤᠳ ᠤᠨ ᠤᠯᠠᠩᠬᠢ ᠨᠢ ᠰᠢᠨ᠎ᠠ ᠰᠠᠭᠤᠷᠢᠨ ᠳ᠋ᠤ ᠭᠠᠷᠤᠭᠰᠠᠨ ᠬᠠᠭᠠᠳ ᠲᠤ ᠠᠯᠠᠭᠳᠠᠳᠠᠭ᠃ ᠶᠡᠬᠡ ᠮᠣᠩᠭᠤᠯ ᠤᠯᠤᠰ ᠪᠠ ᠶᠤᠸᠠᠨ ᠤᠯᠤᠰ ᠤᠨ ᠡᠬᠢᠨ ᠤ ᠦᠶ ᠡ ᠳ᠋ᠤ ᠬᠠᠭᠠᠨ ᠰᠠᠭᠤᠷᠢᠨ ᠤ ᠲᠡᠮᠡᠴᠡᠯ ᠳ᠋ᠤ ᠢᠯᠠᠭᠳᠠᠭᠰᠠᠨ ᠤᠷᠢᠳᠤᠬᠢ ᠬᠠᠭᠠᠳ ᠤᠨ ᠬᠠᠲᠤᠳ ᠪᠠ ᠲᠠᠳᠠᠪᠤᠷᠢ ᠨᠤᠭᠤᠳ ᠢ《 ᠴᠢᠰᠦ ᠦᠯᠦ ᠤᠷᠤᠰᠬᠠᠨ ᠠᠯᠠᠬᠤ ᠠᠷᠭ᠎ᠠ》 ᠪᠡᠷ ᠰᠢᠢᠳᠭᠡᠨ ᠠᠯᠠᠳᠠᠭ ᠪᠠᠢᠭᠰᠠᠨ ᠢᠢᠡᠨ ᠶᠤᠸᠠᠨ ᠤᠯᠤᠰ ᠤᠨ ᠲᠤᠮᠳᠠᠴᠢ ᠰᠡᠭᠦᠯᠴᠢ ᠦᠶ ᠡ ᠪᠤᠯᠬᠤ ᠳ᠋ᠤ ᠬᠠᠷᠢᠨ ᠳ᠋ᠦᠩᠠᠨ ᠵᠸᠦ ᠳ᠋ᠤ ᠠᠯᠠᠳᠠᠭ ᠪᠤᠯᠵᠠᠢ᠃ ᠡᠨᠡ ᠬᠦ ᠬᠤᠪᠢᠷᠠᠯᠲᠠ ᠨᠢ ᠶᠡᠬᠡ ᠮᠣᠩᠭᠤᠯ ᠤᠯᠤᠰ ᠪᠠ ᠶᠤᠸᠠᠨ ᠤᠯᠤᠰ ᠤᠨ ᠦᠶ ᠡ ᠶᠢᠨ ᠬᠤᠶᠠᠷ ᠡᠰᠢᠲᠦ ᠲᠦᠷᠢᠮ ᠤᠨ ᠠᠶᠠᠨᠳᠠᠭᠠᠨ ᠤ ᠠᠭᠤᠰᠤᠯᠴᠠᠯ ᠤᠨ ᠦᠷ ᠡ ᠳ᠋ᠦᠩ ᠮᠦᠨ᠃ |
原文 |
查看原文
|
出自 |
内蒙古大学学报
2024年
第2期
|