摘要 |
ᠬᠣᠣᠰ ᠶᠣᠰᠣᠨ ᠤ ᠰᠤᠷᠭᠠᠯ ᠬᠡᠮᠡᠬᠦ ᠨᠢ ᠦᠩᠭᠡᠴᠡ ᠬᠠᠭᠤᠳᠠᠮ ᠢᠢᠡᠷ ᠵᠦᠪᠬᠡᠨ ᠱᠠᠰᠢᠨ ᠲᠦᠷᠦ ᠬᠣᠶᠠᠭᠤᠯᠠ ᠵᠢ ᠲᠡᠭ᠍ᠰᠢᠳᠡ ᠠᠭᠤᠯᠬᠤ ᠶᠣᠰᠣ ᠬᠡᠮᠡᠨ ᠤᠬᠠᠭᠠᠷᠠᠵᠤ ᠦᠯᠦ ᠪᠣᠯᠣᠨ᠎ᠠ᠃ ᠡᠨᠡ ᠰᠤᠷᠭᠠᠯ ᠨᠢ ᠬᠠᠭᠠᠳ᠂ ᠨᠣᠶᠠᠳ᠂ ᠲᠦᠰᠢᠮᠡᠳ᠂ ᠢᠵᠠᠭᠤᠷᠳᠠᠨ᠂ ᠬᠠᠷᠠᠴᠤ ᠠᠯᠪᠠᠳᠤ᠂ ᠯᠠᠮᠠ ᠬᠤᠸᠠᠷᠠᠭ ᠠᠯᠢᠨ ᠨᠢ ᠴᠣ ᠬᠡᠮᠡᠭ᠍ᠰᠡᠨ ᠪᠡᠶ᠎ᠡ᠂ ᠬᠡᠯᠡ ᠰᠡᠳᠭᠢᠯ ᠢᠢᠡᠷ ᠦᠢᠯᠡᠳᠬᠦ ᠠᠯᠢᠪᠠ ᠦᠢᠯᠡ ᠪᠠᠨ ᠪᠣᠶᠠᠨ᠂ ᠨᠢᠭᠦᠯ ᠤᠨ ᠦᠷ᠎ᠡ ᠳᠠᠭᠠᠪᠤᠷᠢ ᠪᠡᠷ ᠰᠢᠨᠵᠢᠯᠡᠵᠤ᠂ ᠰᠡᠳᠭᠢᠯ ᠢᠢᠡᠷ ᠠᠷᠢᠭᠤᠰᠭᠠᠬᠤ ᠵᠢ ᠨᠠᠰᠤᠳᠠ ᠬᠢᠴᠢᠶᠡᠵᠤ᠂ ᠠᠪᠬᠤ ᠭᠡᠭᠡᠬᠦ ᠢᠢᠨ ᠤᠬᠠᠭᠠᠨ ᠢᠢᠡᠷ ᠲᠤᠩᠭᠠᠵᠤ᠂ ᠪᠠᠰᠠ ᠲᠤᠰ ᠲᠤᠰ ᠤᠨ ᠢᠵᠠᠭᠤᠷ ᠤᠨ ᠰᠤᠷᠳᠠᠬᠤᠨ ᠢᠢᠡᠷ ᠰᠡᠭᠡᠵᠤ ᠶᠠᠪᠤᠬᠤ ᠵᠢ ᠰᠤᠷᠭᠠᠭᠰᠠᠨ ᠶᠠᠪᠤᠳᠠᠯ ᠮᠦᠷ ᠤᠨ ᠴᠣᠭᠴᠠ ᠬᠦᠳᠦᠯᠪᠦᠷᠢ ᠶᠤᠮ᠃
ᠬᠣᠣᠰ ᠶᠣᠰᠣᠨ ᠤ ᠰᠤᠷᠭᠠᠯ ᠢᠢᠡᠷ ᠶᠠᠪᠤᠳᠠᠯ ᠮᠦᠷ ᠢᠢᠨ ᠵᠠᠰᠠᠵᠤ ᠴᠢᠳᠠᠪᠠᠰᠤ ᠬᠦᠮᠦᠨ ᠤ ᠰᠡᠳᠭᠢᠯ ᠠᠶᠤᠬᠤ ᠢᠴᠢᠬᠦ ᠮᠡᠳᠡᠷᠡᠮᠵᠢ ᠵᠢ ᠵᠢᠯᠤᠭᠤᠳᠴᠤ ᠪᠣᠯᠣᠨ᠎ᠠ᠃ ᠠᠶᠤᠬᠤ ᠮᠡᠳᠡᠷᠡᠮᠵᠢ ᠲᠠᠢ ᠬᠦᠮᠦᠨ ᠬᠠᠤᠯᠢ ᠴᠠᠭᠠᠵᠠ ᠵᠢ ᠦᠯᠦ ᠵᠦᠷᠢᠴᠡᠨ᠎ᠡ᠃ ᠢᠴᠢᠬᠦ ᠮᠡᠳᠡᠷᠡᠮᠵᠢ ᠲᠠᠢ ᠬᠦᠮᠦᠨ ᠪᠢᠴᠢᠭ᠍ᠳᠡᠭᠡ ᠦᠭᠡᠢ ᠬᠠᠤᠯᠢ ᠪᠣᠯᠣᠭᠰᠠᠨ ᠬᠦᠮᠦᠨ ᠤ ᠶᠣᠰᠣ ᠵᠢ ᠦᠯᠦ ᠭᠠᠵᠢᠭᠤᠳᠠᠭᠤᠯᠤᠨᠠ᠃ |