论文信息


题名 《ᠮᠣᠩ᠋ᠭᠤᠯ ᠤᠨ ᠨᠢᠭᠤᠴᠠ ᠲᠤᠪᠴᠢᠶᠠᠨ》᠋ ᠳᠠᠬᠢ ᠬᠠᠵᠠᠭᠤ ᠶᠢᠨ ᠣᠷᠴᠢᠭᠤᠯᠭ᠎ᠠ ᠦᠭᠡᠢ ᠭᠤᠷᠪᠠᠨ ᠦᠭᠡ ᠶᠢᠨ ᠲᠤᠬᠠᠢ
作者 ᠪᠦᠷᠢᠨᠪᠠᠲᠤ
关键词
摘要 ᠲᠤᠰ ᠦᠭᠦᠯᠡᠯ ᠳᠦ ᠂ 《ᠮᠣᠩ᠋᠋ᠭᠤᠯ ᠤᠨ ᠨᠢᠭᠤᠴᠠ ᠲᠤᠪᠴᠢᠶᠠᠨ》᠋ ᠤ ᠬᠢᠲᠠᠳ ᠭᠠᠯᠢᠭᠯᠠᠯ ᠡᠬᠡ ᠳᠡᠬᠢ ᠭᠠᠵᠠᠭᠤ ᠶᠢᠨ ᠣᠷᠴᠢᠭᠤᠯᠭ᠎ᠠ ᠦᠭᠡᠢ ᠦᠭᠡ ᠢᠨ ᠳᠤᠲᠤᠷ᠎ᠠ ᠠᠴᠠ ᠭᠤᠷᠪᠠ ᠶᠢ ᠰᠤᠩ᠋ᠭᠤᠵᠤ ᠵᠠᠳᠠᠯᠤᠨ ᠰᠢᠨᠵᠢᠯᠡᠭᠡᠳ ᠲᠠᠢ᠌ᠯᠪᠤᠷᠢ ᠬᠢᠭ᠍ᠰᠡᠨ ᠪᠢ᠌ᠨ᠎ᠠ᠃ 《亦克秃捏周》ᠭᠡᠳᠡᠭ ᠨᠢ 《ᠠᠮᠵᠢᠵᠤ ᠬᠦᠷᠬᠦ》ᠭᠡᠬᠦ ᠤᠳᠬᠠᠲᠠᠢ 《ᠢᠲᠤᠷᠠᠵᠤ》ᠭᠡᠬᠦ ᠦᠭᠡ ᠶᠢᠨ ᠣᠢ᠌ᠭᠤᠷᠵᠢᠨ ᠮᠣᠩ᠋ᠭᠤᠯ ᠦᠰᠦᠭ ᠦᠨ ᠣᠨᠴᠤᠭᠤᠢ ᠪᠢᠴᠢᠯᠭᠡᠲᠦ ᠳᠦᠷᠰᠦ 《》᠋ ᠶᠢᠨ ᠡᠨᠳᠡᠭᠦᠦ ᠭᠠᠯᠢᠭᠯᠠᠯ; 《出勒兀勒札兀舌剌》ᠭᠡᠳᠡᠭ ᠦᠨ 《兀勒札兀舌剌》ᠨᠢ 《ᠡᠴᠢᠬᠡ ᠨᠢ ᠲᠤᠳᠤᠷᠬᠠᠢ ᠦᠭᠡᠢ ᠬᠡᠦᠬᠡᠳ》᠂ 《ᠨᠡᠭᠡᠯᠡᠢ ᠬᠡᠦᠬᠡᠳ》᠂ 《ᠪᠤᠳᠠᠴᠢ》ᠭᠡᠬᠦ ᠮᠡᠲᠦ ᠤᠳᠬᠠᠲᠠᠢ 《ᠣᠯᠵᠠᠪᠠᠢ》ᠭᠡᠬᠦ ᠦᠭᠡ ᠶᠢᠨ ᠣᠷᠤᠰᠢᠬᠤ ᠶᠢᠨ ᠲᠡᠢ᠌ᠨ ᠢᠯᠭᠠᠯ ᠤᠨ ᠳᠠᠭᠠᠪᠤᠷᠢ ᠪᠦᠬᠦᠢ 《ᠣᠯᠵᠠᠪᠠᠶ᠎ᠠ》᠋ ᠢᠨ ᠣᠢ᠌ᠭᠤᠷᠵᠢᠨ ᠮᠣᠩ᠋ᠭᠤᠯ ᠦᠰᠦᠭ ᠦᠨ ᠰᠤᠨᠢᠬᠠᠨ ᠰᠢᠭ ᠳᠦᠷᠰᠦ 《》᠋ ᠶᠢᠨ ᠡᠨᠳᠡᠭᠦᠦ ᠭᠠᠯᠢᠭᠯᠠᠯ; 《马中孩周》ᠭᠡᠳᠡᠭ ᠨᠢ 《ᠮᠠᠬᠠᠢᠵᠤ》ᠭᠡᠰᠡᠨ ᠣᠢ᠌ᠭᠤᠷᠵᠢᠨ ᠮᠣᠩ᠋ᠭᠤᠯ ᠦᠰᠦᠭ ᠦᠨ ᠭᠠᠯᠢᠭᠯᠠᠯ᠂ ᠭᠡᠪᠡᠴᠦ ᠤᠤᠯ ᠦᠭᠡ ᠨᠢ 《马中孩子周》ᠪᠢᠰᠢ᠂ ᠬᠠᠷᠢᠨ ᠳᠦᠷᠦᠭ ᠬᠡᠯᠡᠨ ᠦ 《ᠪᠠᠶᠠᠰᠴᠤ》ᠭᠡᠳᠡᠭ ᠤᠳᠬᠠᠲᠠᠢ manyiju ᠭᠡᠰᠡᠨ ᠦᠭᠡ ᠪᠤᠯᠬᠤ ᠶᠢ ᠲᠤᠳᠤᠷᠬᠠᠢ᠌ᠯᠠᠵᠠᠢ᠃
原文 没有原文
出自 内蒙古大学学报 1999年 第1期

联系我们


内蒙古大学图书馆
呼和浩特市大学西路235号
中国·内蒙古
P: (0471) 4992561
E: huangfeilong@imu.edu.cn