摘要 |
ᠲᠤᠰ ᠦᠭᠦᠯᠡᠯ ᠳᠦ ᠂ 《ᠮᠣᠩ᠋᠋ᠭᠤᠯ ᠤᠨ ᠨᠢᠭᠤᠴᠠ ᠲᠤᠪᠴᠢᠶᠠᠨ》᠋ ᠤ ᠬᠢᠲᠠᠳ ᠭᠠᠯᠢᠭᠯᠠᠯ ᠡᠬᠡ ᠳᠡᠬᠢ ᠭᠠᠵᠠᠭᠤ ᠶᠢᠨ ᠣᠷᠴᠢᠭᠤᠯᠭ᠎ᠠ ᠦᠭᠡᠢ ᠦᠭᠡ ᠢᠨ ᠳᠤᠲᠤᠷ᠎ᠠ ᠠᠴᠠ ᠭᠤᠷᠪᠠ ᠶᠢ ᠰᠤᠩ᠋ᠭᠤᠵᠤ ᠵᠠᠳᠠᠯᠤᠨ ᠰᠢᠨᠵᠢᠯᠡᠭᠡᠳ ᠲᠠᠢ᠌ᠯᠪᠤᠷᠢ ᠬᠢᠭ᠍ᠰᠡᠨ ᠪᠢ᠌ᠨᠠ᠃ 《亦克秃捏周》ᠭᠡᠳᠡᠭ ᠨᠢ 《ᠠᠮᠵᠢᠵᠤ ᠬᠦᠷᠬᠦ》ᠭᠡᠬᠦ ᠤᠳᠬᠠᠲᠠᠢ 《ᠢᠲᠤᠷᠠᠵᠤ》ᠭᠡᠬᠦ ᠦᠭᠡ ᠶᠢᠨ ᠣᠢ᠌ᠭᠤᠷᠵᠢᠨ ᠮᠣᠩ᠋ᠭᠤᠯ ᠦᠰᠦᠭ ᠦᠨ ᠣᠨᠴᠤᠭᠤᠢ ᠪᠢᠴᠢᠯᠭᠡᠲᠦ ᠳᠦᠷᠰᠦ 《》᠋ ᠶᠢᠨ ᠡᠨᠳᠡᠭᠦᠦ ᠭᠠᠯᠢᠭᠯᠠᠯ; 《出勒兀勒札兀舌剌》ᠭᠡᠳᠡᠭ ᠦᠨ 《兀勒札兀舌剌》ᠨᠢ 《ᠡᠴᠢᠬᠡ ᠨᠢ ᠲᠤᠳᠤᠷᠬᠠᠢ ᠦᠭᠡᠢ ᠬᠡᠦᠬᠡᠳ》᠂ 《ᠨᠡᠭᠡᠯᠡᠢ ᠬᠡᠦᠬᠡᠳ》᠂ 《ᠪᠤᠳᠠᠴᠢ》ᠭᠡᠬᠦ ᠮᠡᠲᠦ ᠤᠳᠬᠠᠲᠠᠢ 《ᠣᠯᠵᠠᠪᠠᠢ》ᠭᠡᠬᠦ ᠦᠭᠡ ᠶᠢᠨ ᠣᠷᠤᠰᠢᠬᠤ ᠶᠢᠨ ᠲᠡᠢ᠌ᠨ ᠢᠯᠭᠠᠯ ᠤᠨ ᠳᠠᠭᠠᠪᠤᠷᠢ ᠪᠦᠬᠦᠢ 《ᠣᠯᠵᠠᠪᠠᠶᠠ》᠋ ᠢᠨ ᠣᠢ᠌ᠭᠤᠷᠵᠢᠨ ᠮᠣᠩ᠋ᠭᠤᠯ ᠦᠰᠦᠭ ᠦᠨ ᠰᠤᠨᠢᠬᠠᠨ ᠰᠢᠭ ᠳᠦᠷᠰᠦ 《》᠋ ᠶᠢᠨ ᠡᠨᠳᠡᠭᠦᠦ ᠭᠠᠯᠢᠭᠯᠠᠯ; 《马中孩周》ᠭᠡᠳᠡᠭ ᠨᠢ 《ᠮᠠᠬᠠᠢᠵᠤ》ᠭᠡᠰᠡᠨ ᠣᠢ᠌ᠭᠤᠷᠵᠢᠨ ᠮᠣᠩ᠋ᠭᠤᠯ ᠦᠰᠦᠭ ᠦᠨ ᠭᠠᠯᠢᠭᠯᠠᠯ᠂ ᠭᠡᠪᠡᠴᠦ ᠤᠤᠯ ᠦᠭᠡ ᠨᠢ 《马中孩子周》ᠪᠢᠰᠢ᠂ ᠬᠠᠷᠢᠨ ᠳᠦᠷᠦᠭ ᠬᠡᠯᠡᠨ ᠦ 《ᠪᠠᠶᠠᠰᠴᠤ》ᠭᠡᠳᠡᠭ ᠤᠳᠬᠠᠲᠠᠢ manyiju ᠭᠡᠰᠡᠨ ᠦᠭᠡ ᠪᠤᠯᠬᠤ ᠶᠢ ᠲᠤᠳᠤᠷᠬᠠᠢ᠌ᠯᠠᠵᠠᠢ᠃ |