题名 |
ᠴᠢᠩ ᠤᠯᠤᠰ ᠤᠨ ᠦᠶ ᠡ ᠶᠢᠨ ᠮᠣᠩᠭᠤᠯ ᠬᠤᠰᠢᠭᠤᠳ ᠤᠨ ᠲᠠᠢᠵᠢ ᠨᠠᠷ ᠤᠨ ᠦᠶ ᠡ ᠵᠠᠯᠭᠠᠮᠵᠢ ᠶᠢᠨ ᠰᠢᠨᠵᠢᠯᠡᠯ |
作者 |
ᠪᠤᠤ ᠮᠠᠨᠳᠠ |
关键词 |
ᠴᠢᠩ ᠤᠯᠤᠰ︔ ᠵᠡᠭᠦᠨᠭᠠᠭᠷ ᠬᠤᠰᠢᠭᠤ︔ ᠲᠠᠢᠵᠢ ᠨᠠᠷ |
摘要 |
ᠴᠢᠩ ᠤᠯᠤᠰ ᠤᠨ ᠦᠶ ᠡ ᠶᠢᠨ ᠮᠣᠩᠭᠤᠯ ᠬᠤᠰᠢᠭᠤᠳ ᠤᠨ ᠵᠠᠰᠠᠭ ᠨᠤᠶᠠᠳ ᠤᠨ ᠤᠳᠤᠮ ᠭᠠᠷᠤᠯ ᠤᠨ ᠲᠤᠬᠠᠢ ᠰᠣᠳᠤᠯᠭ᠎ᠠ ᠨᠢ ᠲᠤᠬᠠᠢ ᠶᠢᠨ ᠲᠡᠦᠬᠡ ᠶᠢᠨ ᠪᠦᠳᠦᠭᠦᠪᠴᠢ ᠪᠠᠢᠳᠠᠯ ᠪᠤᠯᠤᠨ ᠲᠡᠦᠬᠡᠲᠦ ᠬᠦᠮᠦᠰ ᠤᠨ ᠪᠤᠳᠠᠳᠤ ᠠᠵᠢᠯᠯᠠᠭ᠎ᠠ ᠵᠢ ᠤᠢᠯᠠᠭᠠᠬᠤ ᠳ᠋ᠤ ᠴᠢᠬᠤᠯᠠ ᠠᠴᠢ ᠬᠣᠯᠪᠤᠭᠳᠠᠯ ᠲᠠᠢ᠃ ᠲᠤᠰ ᠦᠭᠦᠯᠡᠯ ᠨᠢ 《 ᠵᠡᠭᠦᠨᠭᠠᠷ ᠬᠤᠰᠢᠭᠤᠨ ᠤ ᠵᠠᠰᠠᠭ ᠶᠠᠮᠤᠨ ᠤ ᠲᠠᠩᠰᠠ》ᠳ᠋ᠤ ᠲᠡᠮᠳᠡᠭᠯᠡᠭᠰᠡᠨ ᠬᠠᠮᠢᠶ ᠠ ᠪᠦᠬᠦᠢ ᠠᠭᠤᠯᠭ᠎ᠠ ᠵᠢ ᠡᠮᠬᠢᠳᠭᠡᠨ ᠪᠦᠷᠢᠳᠭᠡᠬᠦ ᠪᠡᠷ ᠲᠠᠮᠵᠢᠵᠦ᠂ ᠴᠢᠩ ᠤᠯᠤᠰ ᠤᠨ ᠦᠶ ᠡ ᠶᠢᠨ ᠵᠡᠭᠦᠨᠭᠠᠷ ᠬᠤᠰᠢᠭᠤᠨ ᠤ ᠲᠡᠷᠢᠭᠦᠨ ᠲᠡᠳ᠋ ᠭᠤᠳᠠᠭᠠᠷ ᠵᠡᠷᠭᠡ ᠶᠢᠨ ᠲᠠᠢᠵᠢ ᠨᠠᠷ ᠤᠨ ᠦᠶ ᠡ ᠵᠠᠯᠭᠠᠮᠵᠢᠯᠠᠯ ᠢ ᠲᠤᠳᠤᠷᠬᠠᠢᠯᠠᠭᠰᠠᠨ ᠡᠴᠡ ᠭᠠᠳᠠᠨ᠎ᠠ᠂《 ᠵᠠᠷᠯᠢᠭ ᠢᠢᠡᠷ ᠲᠤᠭᠲᠠᠭᠠᠭᠰᠠᠨ ᠭᠠᠳᠠᠭᠠᠲᠤ ᠮᠣᠩᠭᠤᠯ ᠬᠤᠳᠤᠩ ᠠᠢᠮᠠᠭ ᠤᠨ ᠸᠠᠩ ᠬᠦᠩ ᠤᠳ ᠤᠨ ᠢᠯᠡᠳᠭᠡᠯ ᠱᠠᠰᠲᠢᠷ》᠂《 ᠴᠢᠩ ᠤᠯᠤᠰ ᠤᠨ ᠲᠡᠦᠬᠡᠨ ᠨᠤᠤᠷᠠᠭ ᠵᠡᠷᠭᠡ ᠲᠡᠦᠬᠡᠨ ᠰᠣᠷᠪᠤᠯᠵᠢᠰ ᠲᠤ ᠬᠠᠷᠬᠠᠨ ᠲᠡᠮᠳᠡᠭᠯᠡᠭᠳᠡᠭᠡᠳᠦᠢ ᠮᠣᠩᠭᠤᠯ ᠸᠠᠩ ᠬᠦᠩ ᠤᠳ ᠤᠨ ᠰᠠᠯᠪᠤᠷᠢ ᠤᠭᠰᠠᠭ᠎ᠠ ᠵᠢ ᠲᠤᠳᠤᠷᠠᠭᠤᠯᠵᠤ᠂ ᠭᠡᠷ ᠤᠨ ᠴᠠᠳᠢᠭ ᠤᠨ ᠲᠡᠦᠬᠡᠨ ᠰᠣᠳᠤᠯᠤᠯ ᠳ᠋ᠤ ᠨᠡᠮᠡᠷᠢ ᠪᠣᠯᠭᠠᠬᠤ ᠵᠢ ᠬᠢᠴᠢᠶᠡᠪᠡ᠃ |
原文 |
没有原文
|
出自 |
内蒙古大学学报
2024年
第5期
|