题名 |
ᠣᠷᠴᠢᠨ ᠦᠶ ᠡ ᠶᠢᠨ ᠵᠦᠴᠦᠭᠡ ᠶᠢᠨ ᠰᠣᠳᠤᠯᠤᠯ ᠳ᠋ᠤ ᠬᠣᠯᠪᠤᠭᠳᠠᠬᠤ ᠬᠡᠳᠦᠨ ᠠᠰᠠᠭᠤᠳᠠᠯ ᠤᠨ ᠲᠤᠭᠤᠷᠢᠨ ᠳ᠋ᠤ |
作者 |
ᠴ᠂ ᠴᠣᠯᠮᠤᠨ |
关键词 |
ᠪ᠂ ᠭᠡᠷᠡᠯᠲᠦ︔ ᠣᠷᠴᠢᠨ ᠦᠶ ᠡ︔ ᠵᠦᠴᠦᠭᠡ︔ ᠰᠣᠳᠤᠯᠤᠯ |
摘要 |
ᠡᠷᠳᠡᠮᠲᠡᠨ ᠪ᠂ ᠭᠡᠷᠡᠯᠲᠦ ᠣᠯᠨ ᠵᠢᠯ ᠤᠨ ᠲᠸᠷᠰᠢᠲᠠ ᠮᠣᠩᠭᠤᠯ ᠤᠷᠠᠨ ᠵᠤᠬᠢᠶᠠᠯ ᠤᠨ ᠣᠨᠤᠯ ᠤᠨ ᠰᠣᠳᠤᠯᠭ᠎ᠠ ᠬᠢᠬᠦ ᠳ᠋ᠡᠭᠡᠨ ᠣᠷᠴᠢᠨ ᠦᠶ ᠡ ᠶᠢᠨ ᠵᠦᠴᠦᠭᠡ ᠶᠢᠨ ᠲᠤᠭᠤᠷᠪᠢᠯ᠂ ᠲᠤᠭᠯᠠᠯᠲᠠ ᠶᠢᠨ ᠮᠡᠳᠡᠭᠡᠯᠡᠯ ᠪᠤᠯᠤᠨ ᠤᠨᠤᠯ ᠦᠵᠡᠯᠲᠡ ᠶᠢᠨ ᠡᠮᠬᠢᠳᠭᠡᠯ ᠵᠡᠷᠭᠡ ᠲᠠᠯ ᠠ ᠪᠡᠷ ᠨᠡᠯᠢᠶᠡᠳ ᠣᠯᠠᠨ ᠰᠤᠷᠠᠭ ᠵᠠᠩᠬᠢ ᠵᠢ ᠡᠮᠬᠢᠳᠭᠡᠨ ᠴᠤᠭᠯᠠᠭᠤᠯᠵᠤ ᠰᠣᠳᠤᠯᠤᠭᠴᠢᠳ ᠲᠤ ᠮᠠᠲ᠋ᠸᠷᠢᠶᠠᠯ ᠬᠠᠩᠭᠠᠬᠤ ᠶᠢᠨ ᠲᠠᠭᠤ ᠦᠪᠡᠷ ᠤᠨ ᠦᠵᠡᠯᠲᠡ ᠪᠡᠷ ᠢᠢᠡᠨ ᠲᠠᠢᠯᠪᠤᠷᠢᠯᠠᠵᠠᠢ᠃ᠢᠯᠠᠩᠭᠤᠶ ᠠ ᠮᠣᠩᠭᠯᠤ ᠤᠷᠠᠨ ᠵᠤᠬᠢᠶᠠᠯ ᠤᠨ ᠤᠨᠤᠯ ᠤᠨ ᠦᠪ ᠢ ᠡᠮᠬᠢᠳᠭᠡᠨ ᠴᠤᠭᠯᠠᠭᠤᠯᠵᠤ᠂ ᠰᠣᠳᠤᠯᠤᠨ ᠰᠢᠨᠵᠢᠯᠡᠬᠦ ᠳ᠋ᠡᠭᠡᠨ ᠵᠦᠴᠦᠭᠡ ᠶᠢᠨ ᠲᠤᠭᠤᠷᠪᠢᠯ᠂ ᠵᠦᠴᠦᠬᠡ ᠶᠢᠨ ᠰᠤᠷᠠᠭ ᠵᠠᠩᠬᠢ ᠵᠢ ᠬᠠᠢᠨ᠂ ᠣᠷᠴᠢᠨ ᠦᠶ ᠡ ᠶᠢᠨ ᠮᠣᠩᠭᠤᠯᠴᠤᠳ ᠤᠨ ᠵᠦᠴᠦᠭᠡ ᠶᠢᠨ ᠲᠤᠬᠠᠢ ᠤᠢᠯᠠᠭᠠᠯᠲᠠ ᠵᠢ ᠰᠦᠪᠡᠭᠴᠢᠯᠡᠵᠦ᠂ᠲᠤᠬᠠᠢ ᠶᠢᠨ ᠦᠶ ᠡ ᠶᠢᠨ ᠰᠡᠭᠡᠭᠡᠲᠡᠳ ᠤᠨ ᠦᠪᠡᠷ ᠤᠨ ᠦᠵᠡᠯᠲᠡ ᠪᠤᠶᠤ ᠬᠠᠷᠢ ᠶᠢᠨ ᠬᠢ ᠵᠢ ᠰᠢᠨᠵᠢᠯᠡᠭᠰᠡᠨ ᠦᠵᠡᠯᠲᠡ ᠵᠢ ᠡᠮᠬᠢᠳᠭᠡᠨ ᠲᠠᠢᠯᠪᠤᠷᠢᠯᠠᠭᠰᠠᠨ ᠨᠢ ᠤᠨᠤᠯ ᠰᠢᠬᠦᠮᠵᠢᠯᠡᠯ ᠤᠨ ᠦᠨ᠎ᠠ ᠲᠠᠢ ᠬᠠᠨᠳᠢᠪ ᠪᠤᠯᠵᠠᠢ᠃ ᠡᠳᠡᠭᠡᠷ ᠨᠢ ᠬᠡᠳᠦᠢᠪᠡᠷ ᠬᠡᠰᠡᠭ ᠪᠤᠰᠠᠭ ᠵᠦᠢᠯ ᠪᠤᠯᠪᠠᠴᠤ ᠮᠣᠩᠭᠤᠯ ᠦᠨᠳᠦᠰᠦᠲᠡᠨ ᠤ ᠣᠷᠴᠢᠨ ᠦᠶ ᠡ ᠶᠢᠨ ᠵᠤᠬᠢᠶᠠᠯ ᠤᠨ ᠲᠡᠦᠬᠡᠨ ᠮᠠᠲ᠋ᠸᠷᠢᠶᠠᠯ ᠤᠨ ᠰᠣᠳᠤᠯᠭ᠎ᠠ᠂ ᠣᠨᠤᠯ ᠤᠨ ᠣᠯᠪᠠᠭ᠎ᠠ ᠶᠢᠨ ᠰᠦᠪᠡᠭᠴᠢᠯᠡᠯ ᠳ᠋ᠤ ᠠᠴᠢ ᠲᠤᠰᠠ ᠲᠠᠢ ᠵᠦᠢᠯ ᠪᠤᠯᠤᠨ᠎ᠠ᠃ |
原文 |
没有原文
|
出自 |
内蒙古大学学报
2024年
第5期
|