题名 |
《ᠨᠣᠮ ᠤᠨ ᠵᠢᠷᠦᠬᠡᠨ ᠤ ᠲᠤᠯᠲᠠ》 ᠶᠢᠨ ᠮᠣᠩᠭᠤᠯ ᠪᠢᠴᠢᠭ ᠤᠨ ᠲᠤᠯᠤᠭᠠᠢ ᠲᠢᠨ ᠰᠢᠨᠵᠢᠯᠡᠭᠡ |
作者 |
ᠬᠦᠷᠡᠯᠳᠦ᠋ᠰᠢ |
关键词 |
ᠪᠠᠨᠳᠢᠳᠠ ᠬᠦᠩᠭᠠᠤᠳᠰᠠᠷ︔《 ᠵᠢᠷᠦᠬᠡᠨ ᠤ ᠲᠤᠯᠲᠠ》︔ ᠮᠣᠩᠭᠤᠯ ᠪᠢᠴᠢᠭ ᠤᠨ ᠴᠠᠭᠠᠨ ᠲᠤᠯᠤᠭᠠᠢ |
摘要 |
ᠮᠣᠩᠭᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳᠡᠸᠮᠢ ᠶᠢᠨ ᠠᠺᠠᠳ᠋ᠸᠮᠢᠴᠢ ᠳ᠂ᠴᠡᠷᠡᠩᠰᠣᠳᠨᠠᠮ《 ᠮᠣᠩᠭᠤᠯ ᠨᠣᠮ ᠤᠨ ᠵᠢᠷᠦᠬᠡᠨ ᠤ ᠲᠤᠯᠳᠡᠬᠡᠮᠡᠬᠦ ᠨᠡᠷᠡᠲᠦ ᠵᠠᠭᠤᠨ ᠨᠠᠢᠮᠠᠨ ᠦᠰᠦᠭ》 ᠨᠡᠷᠡᠲᠦ ᠮᠣᠩᠭᠤᠯ ᠬᠡᠯᠡ ᠰᠢᠨᠵᠢᠯᠡᠯ ᠤᠨ ᠨᠢᠭᠡ ᠴᠢᠬᠤᠯᠠ ᠲᠤᠷᠠᠰᠬᠠᠯ ᠢ ᠢᠯᠡᠷᠡᠬᠦᠯᠦᠭᠡᠳ᠂ ᠲᠤᠰ ᠰᠣᠳᠤᠷ ᠪᠤᠯ ᠴᠤᠢᠵᠢ᠋ᠤᠳᠰᠠᠷ ᠪᠠᠨᠳᠢᠳᠠ ᠶᠢᠨ ᠵᠤᠬᠢᠶᠠᠭᠰᠠᠨ 《 ᠵᠢᠷᠦᠭᠡᠨ ᠤ ᠲᠤᠯᠳᠠ》 ᠶᠢᠨ ᠬᠠᠭᠤᠯᠪᠤᠷᠢ ᠪᠤᠯᠤᠨ᠎ᠠ ᠭᠡᠳᠡᠭ ᠰᠠᠨᠠᠯ ᠢ ᠲᠤᠷᠠᠳᠤᠭᠰᠠᠨ ᠪᠢᠯᠡ᠃ᠬᠡᠳᠦᠢ ᠲᠡᠢᠮᠦ ᠪᠤᠯᠪᠠᠴᠤ ᠵᠤᠬᠢᠶᠠᠭᠴᠢ ᠶᠢᠨ ᠬᠠᠷᠭᠤᠭᠤᠤᠯᠭᠰᠠᠨ ᠢᠢᠡᠷ ᠰᠣᠳᠤᠷ ᠲᠡᠬᠢ ᠮᠣᠩᠭᠤᠯ ᠪᠢᠴᠢᠭ ᠤᠨ ᠴᠠᠭᠠᠨ ᠲᠤᠯᠤᠭᠠᠢ ᠨᠢ 《 ᠤᠭᠲᠠᠷᠭᠤᠢ ᠶᠢᠨ ᠮᠠᠨᠢ》 ᠳ᠋ᠤ ᠲᠤᠷᠠᠳᠤᠭᠰᠠᠨ ᠪᠠᠨᠳᠢᠳᠠ ᠬᠦᠩᠭᠠᠤᠳᠰᠠᠷ ᠤᠨ 《 ᠵᠢᠷᠦᠭᠡᠨ ᠤ ᠲᠤᠯᠲᠠ》 ᠶᠢᠨ ᠮᠣᠩᠭᠤᠯ ᠪᠢᠴᠢᠭ ᠤᠨ ᠴᠠᠭᠠᠨ ᠲᠤᠯᠭᠠᠢ ᠲᠠᠢ ᠦᠰᠦᠭ ᠤᠨ ᠲᠤᠭ᠎ᠠ ᠨᠢ ᠶᠠᠭ ᠲᠡᠩᠴᠡᠭᠦᠦ ᠪᠠᠢᠬᠤᠴ ᠪᠦᠭᠡᠳ ᠦᠰᠦᠭ ᠤᠨ ᠪᠦᠷᠢᠯᠳᠦᠭᠡᠨ ᠤ ᠬᠣᠪᠢ ᠳ᠋ᠤ ᠵᠦᠷᠢᠬᠦ ᠲᠠᠯ ᠠ ᠲᠠᠢ ᠴᠦ ᠤᠤᠭᠠᠯ ᠮᠣᠩᠭᠤᠯ ᠬᠡᠯᠡᠨ ᠤ ᠦᠭᠡᠰ ᠢ ᠲᠡᠮᠳᠡᠭᠯᠡᠬᠦ ᠴᠠᠭᠠᠨ ᠲᠤᠯᠭᠠᠢ ᠶᠢᠨ ᠦᠰᠦᠭ ᠪᠦᠷᠢᠨ ᠪᠠᠭᠲᠠᠭᠰᠠᠨ ᠪᠣᠯᠬᠤᠷ ᠪᠠᠨᠳᠢᠳᠠ ᠭᠦᠩᠭᠠᠤᠳᠰᠠᠷ ᠤᠨ 《 ᠵᠢᠷᠦᠬᠡᠨ ᠤ ᠲᠤᠯᠳᠠ》 ᠤᠨ ᠮᠣᠩᠭᠤᠯ ᠪᠢᠴᠢᠭ ᠤᠨ ᠴᠠᠭᠠᠨ ᠲᠤᠯᠤᠭᠠᠢ ᠪᠤᠯᠤᠨ᠎ᠠ ᠭᠡᠵᠦ ᠦᠵᠡᠪᠡ᠃ |
原文 |
没有原文
|
出自 |
内蒙古大学学报
2024年
第1期
|