摘要 |
ᠳᠤᠰ ᠦᠭᠦᠯᠡᠯ ᠳᠤ ᠲᠦᠷᠪᠡᠯᠵᠢᠨ ᠪᠢᠴᠢᠭ᠌ ᠤᠨ ᠮᠣᠩᠭᠣᠯ ᠬᠡᠯᠡᠨ ᠦ《dehri-yi ialbariiu》ᠪᠠ ᠤᠳᠤ ᠦᠶ ᠠ ᠶᠢᠨ ᠮᠣᠩᠭᠣᠯ ᠬᠡᠯᠡᠨ ᠦ 《ᠳᠡᠭᠷᠢ ᠵᠠᠯᠪᠠᠷᠢᠬᠤ》ᠬᠡᠭᠦ ᠬᠤᠶᠠᠷ ᠵᠦᠢᠯ ᠤᠨ ᠬᠡᠯᠡᠯᠭᠡ ᠶᠢ ᠳᠤᠮᠳᠠᠳᠤ ᠵᠠᠭᠤᠨ ᠦ ᠮᠣᠩᠭᠣᠯ ᠬᠡᠯᠡ ᠂ ᠮᠣᠩᠭᠣᠯ ᠲᠦᠷᠦᠯ ᠬᠡᠯᠡ ᠪᠠ ᠠᠯᠳᠠᠢ ᠢᠵᠠᠭᠤᠷᠲᠤ ᠬᠡᠯᠡ ᠨᠤᠭᠦᠳ ᠤᠨ ᠮᠠᠲ᠋ᠸᠷᠢᠶᠠᠯ ᠤᠳ ᠲᠠᠢ ᠬᠠᠷᠢᠴᠠᠭᠤᠯᠤᠨ ᠰᠤᠳᠤᠯᠬᠤ ᠪᠡᠷ ᠳᠠᠮᠵᠢᠵᠤ᠂ 《ᠵᠠᠯᠪᠠᠷᠢᠬᠤ》ᠭᠡᠳᠡᠭ ᠦᠬᠡ ᠨᠢ ᠳᠤᠮᠳᠠᠳᠤ ᠵᠠᠭᠤᠨ ᠦ ᠮᠣᠩᠭᠣᠯ ᠬᠡᠯᠡᠨ ᠳᠤ ᠭᠤᠤᠯᠳᠠᠭᠤ 《ᠬᠦᠰᠡᠨ ᠭᠤᠶᠤᠬᠤ》ᠭᠡᠰᠡᠨ ᠤᠳᠬ᠎ᠠ ᠲᠠᠢ ᠪᠠᠢ᠌ᠭᠰᠠᠨ ᠡᠴᠡ ᠪᠡᠨ ᠤᠳᠤ ᠦᠶ ᠠ ᠶᠢᠨ ᠮᠣᠩᠭᠣᠯ ᠬᠡᠯᠡᠨ ᠳᠤ 《ᠶᠤᠰᠤᠯᠠᠨ ᠳᠠᠭᠠᠳᠬᠠᠬᠤ᠂ ᠬᠦᠰᠡᠨ ᠨᠠᠢ᠌ᠳᠠᠬᠤ᠂ ᠵᠠᠯᠪᠠᠷᠢᠬᠤ ᠶᠤᠰᠤ ᠬᠦᠢᠴᠡᠳᠬᠡᠬᠦ》ᠵᠡᠷᠭᠡ ᠤᠳᠬᠠᠲᠠᠢ ᠪᠤᠯᠤᠨ ᠬᠤᠪᠢᠷᠠᠭᠰᠠᠨ ᠶᠢᠨᠷ ᠪᠠᠷᠠᠬᠤ ᠦᠬᠡᠢ᠂ ᠪᠠᠰᠠ ᠲᠤᠰᠬᠤ ᠦᠢᠯᠡ ᠦᠬᠡ ᠪᠠᠢ᠌ᠭᠰᠠᠨ ᠡᠴᠡ ᠪᠡᠨ ᠲᠤᠰᠬᠤ ᠪᠠ ᠡᠰᠡ ᠲᠤᠰᠬᠤ ᠬᠤᠶᠠᠷᠳᠠᠮᠠᠯ ᠰᠢᠨᠵᠢ ᠲᠠᠢ ᠦᠢᠯᠡ ᠦᠬᠡ ᠪᠤᠯᠵᠤ ᠬᠤᠪᠢᠷᠠᠭᠰᠠᠨ ᠡᠴᠡ ᠪᠤᠯᠵᠤ᠂ ᠳᠤᠮᠳᠠᠳᠤ ᠵᠠᠭᠤᠨ ᠦ ᠮᠣᠩᠭᠣᠯ ᠬᠡᠯᠡᠨ ᠳᠤ 《 ᠳᠡᠭᠷᠢ ᠵᠠᠯᠪᠠᠷᠢᠬᠤ》ᠭᠡᠳᠡᠭ ᠬᠡᠯᠪᠡᠷᠢ ᠪᠡᠷ ᠢᠯᠡᠷᠡᠬᠦ ᠪᠤᠯᠤᠭᠰᠠᠨ ᠬᠡᠭᠦ ᠦᠵᠡᠯᠳᠡ ᠶᠢ ᠳᠡᠪᠰᠢᠭᠦᠯᠪᠡ᠃ |