摘要 |
ᠬᠤᠷᠴᠢᠨ ᠠᠢ᠌ᠯ ᠤᠨ ᠰᠤᠶᠤᠯ ᠨᠢ ᠬᠤᠷᠴᠢᠨ ᠠᠢ᠌ᠯ ᠤᠨ ᠪᠦᠷᠯᠳᠦᠯ ᠢ ᠳᠠᠭᠠᠯᠳᠤᠨ ᠪᠤᠢ ᠪᠤᠯᠤᠭᠰᠠᠨ ᠶᠤᠮ᠃ ᠬᠤᠷᠴᠢᠨ ᠠᠢ᠌ᠯ ᠪᠤᠶᠤ ᠬᠤᠷᠴᠢᠨ ᠠᠢ᠌ᠯ ᠤᠨ ᠰᠤᠶᠤᠯ ᠨᠢ ᠠᠩ᠋ᠬᠠᠨ ᠤ ᠮᠠᠯᠵᠢᠯ ᠤᠨ ᠰᠠᠭᠤᠷᠢᠰᠢᠯ ᠴᠡᠭ ᠦᠨ ᠰᠠᠭᠤᠷᠢ ᠳᠡᠭᠡᠷ᠎ᠡ 16᠋ ᠳᠤᠭᠠᠷ ᠵᠠᠭᠤᠨ ᠤ ᠡᠷᠢᠨ ᠢᠶᠷ ᠬᠦᠪᠦᠷᠡᠨ ᠰᠤᠶᠤᠭᠠᠯᠵᠤ᠂ 20᠋ ᠳᠤᠭᠠᠷ ᠵᠠᠭᠤᠨ ᠤ ᠡᠬᠢ ᠳᠤᠮᠳᠠᠴᠢ ᠪᠠᠷ ᠪᠦᠷᠢᠯᠳᠦᠨ ᠲᠤᠭᠲᠠᠵᠠᠢ᠃ ᠤᠳᠮᠰᠢᠯᠲᠤ ᠮᠣᠩ᠋ᠭᠤᠯ ᠰᠤᠶᠤᠯ ᠤᠨ ᠡᠬᠢ ᠦᠨᠳᠦᠰᠦ᠂ ᠡᠷᠲᠡᠨ ᠦ ᠤᠮᠠᠷᠠᠲᠤ ᠶᠢᠨ ᠦᠨᠳᠦᠰᠦᠲᠡᠨ ᠦ ᠰᠤᠶᠤᠯ ᠤᠨ ᠤᠯᠠ ᠮᠦᠷ᠂ ᠮᠠᠨᠵᠤ ᠰᠤᠶᠤᠯ ᠤᠨ ᠨᠦᠯᠦᠭᠡ᠂ ᠬᠢᠲᠠᠳ ᠰᠤᠶᠤᠯ ᠤᠨ ᠨᠡᠪᠲᠡᠷᠡᠯ᠂ ᠱᠠᠰᠢᠨ ᠤ ᠰᠤᠶᠤᠯ ᠤᠨ ᠨᠡᠪᠴᠢᠯ ᠵᠡᠷᠭᠡ ᠣᠯᠠᠨ ᠰᠤᠶᠤᠯ ᠤᠨ ᠡᠰᠡᠷᠭᠦᠴᠡᠯᠳᠦᠯ ᠬᠠᠷᠰᠢᠯᠳᠤᠯ᠂ ᠡᠪᠯᠡᠷᠡᠯ ᠨᠠᠢ᠌ᠯᠠᠯ᠂ ᠠᠭᠤᠰᠤᠯ ᠰᠢᠮᠡᠳᠦᠯ ᠦᠨ 400 ᠰᠢᠬᠠᠮ ᠵᠢᠯ ᠦᠨ ᠶᠠᠪᠤᠴᠠ ᠶᠢ ᠦᠩᠭᠡᠷᠡᠭᠡᠭᠡᠳ ᠦᠪᠡᠷᠮᠢᠴᠡ ᠣᠨᠴᠠᠯᠢᠭ ᠲᠠᠢ ᠬᠤᠷᠴᠢᠨ ᠤ ᠠᠢ᠌ᠯ ᠤᠨ ᠰᠤᠶᠤᠯ ᠪᠦᠷᠢᠯᠳᠦᠭᠰᠡᠨ ᠶᠤᠮ᠃ |