题名 |
《 ᠪᠠᠶᠠᠭᠤᠳ ᠪᠠᠭᠠᠲᠤᠷ ᠲᠠᠢᠵᠢ ᠶᠢᠨ ᠰᠦᠮ ᠠ ᠶᠢᠨ ᠬᠦᠰᠢᠶ ᠠ》 ᠶᠢᠨ ᠲᠤᠬᠠᠢ ᠲᠤᠭᠲᠠᠮ ᠰᠢᠨᠵᠢᠯᠡᠭᠡ |
作者 |
ᠴᠢᠤᠸᠠᠨ ᠷᠦᠩ︔ ᠵᠢᠨᠰᠢᠶᠤᠤ |
关键词 |
ᠪᠠᠶᠠᠭᠤᠳ ᠪᠠᠭᠠᠲᠤᠷ ᠲᠠᠢᠵᠢ︔ ᠬᠦᠰᠢᠶᠡᠨ ᠪᠢᠴᠢᠭᠡᠰᠦ︔ ᠲᠤᠭᠲᠠᠮ ᠰᠢᠨᠵᠢᠯᠡᠭᠡ |
摘要 |
《ᠪᠠᠶᠠᠭᠤᠳ ᠪᠠᠭᠠᠲᠤᠷᠲᠠᠢᠵᠢ ᠶᠢᠨ ᠰᠦᠮ ᠠ ᠶᠢᠨ ᠬᠦᠰᠢᠶ ᠡ》 ᠪᠠᠯ ᠲᠠᠢᠮᠢᠩ ᠤᠯᠤᠰ ᠤᠨ ᠦᠶ ᠠ ᠳ᠋ᠤ ᠪᠣᠰᠬᠠᠭᠰᠠᠨ ᠮᠣᠩᠭᠤᠯ᠂ ᠬᠢᠲᠠᠳ᠂ ᠰᠠᠨᠰᠺᠷᠢᠲ᠂ ᠲᠦᠪᠡᠳ᠂ ᠫᠠᠭᠪᠠ ᠵᠡᠷᠭᠡ ᠲᠠᠪᠤᠨ ᠵᠦᠢᠯ ᠤᠨ ᠦᠰᠦᠭ ᠢᠢᠡᠷ ᠰᠡᠢᠯᠦᠭᠰᠡᠨ ᠠᠯᠲᠠᠨ ᠬᠠᠭᠠᠨ ᠤ ᠬᠦᠰᠢᠶ ᠡ ᠪᠤᠯᠤᠨ᠎ᠠ᠃ ᠪᠠᠶᠠᠭᠤᠳ ᠪᠠᠭᠠᠲᠤᠷ ᠲᠠᠢᠵᠢ ᠪᠡᠷ ᠲᠠᠢᠮᠢᠩ ᠤᠯᠤᠰ ᠤᠨ ᠦᠶ ᠠ ᠶᠢᠨ ᠮᠣᠩᠭᠤᠯ ᠬᠢᠲᠠᠳ ᠤᠨ ᠨᠠᠢᠷᠠᠮᠳᠠᠭᠤ ᠬᠠᠷᠢᠯᠴᠠᠭᠠᠨ ᠳ᠋ᠤ ᠴᠢᠬᠤᠯᠠ ᠦᠢᠯᠡᠳᠦᠯ ᠭᠠᠷᠭᠠᠭᠰᠠᠨ ᠢᠢᠡᠷ ᠦᠯᠦ ᠪᠠᠷᠠᠮ ᠰᠦᠮ ᠠ ᠬᠡᠢᠢᠳ ᠪᠠᠢᠭᠤᠯᠤᠨ ᠪᠤᠷᠬᠠᠨ ᠤ ᠰᠤᠩᠭᠤᠳᠠᠭ ᠨᠣᠮ ᠵᠤᠬᠢᠶᠠᠩᠭᠤᠢ ᠵᠢ ᠲᠤᠭᠤᠷᠪᠢᠬᠤ ᠪᠤᠶᠤ ᠣᠷᠴᠢᠭᠤᠯᠬᠤ ᠠᠵᠢᠯ ᠳ᠋ᠤ ᠪᠡᠶᠡᠴᠢᠯᠡᠨ ᠤᠷᠤᠯᠴᠠᠵᠤ ᠪᠠᠢᠭᠰᠠᠨ ᠨᠦᠯᠦᠭ ᠡᠲᠤᠰᠬᠠᠯ ᠶᠡᠬᠡᠲᠡᠢ ᠲᠡᠦᠬᠡᠲᠦ ᠬᠦᠮᠦᠨ ᠪᠢᠯᠡ᠃《 ᠪᠠᠶᠠᠭᠤᠳ ᠪᠠᠭᠠᠲᠤᠷ ᠲᠠᠢᠵᠢ ᠶᠢᠨ ᠰᠦᠮ ᠠ ᠶᠢᠨ ᠬᠦᠰᠢᠶ ᠠ》 ᠨᠢ ᠲᠡᠭᠦᠨ ᠤ ᠠᠮᠢᠳᠤᠷᠠᠯ ᠦᠢᠯᠡ ᠠᠵᠢᠯᠯᠠᠭᠠᠨ ᠤ ᠲᠤᠬᠠᠢ ᠵᠤᠬᠢᠬᠤ ᠬᠡᠮᠵᠢᠶᠡᠨ᠎ᠠ ᠲᠤᠳᠤᠷᠠᠭᠤᠯᠬᠤ ᠪᠤᠶᠤ ᠲᠡᠭᠦᠨ ᠤ ᠣᠯᠠᠨ ᠲᠠᠯ ᠠ ᠶᠢᠨ ᠪᠦᠲᠦᠭᠡᠯᠴᠢ ᠦᠢᠯᠡ ᠠᠵᠢᠯᠯᠠᠭᠠᠨ ᠤ ᠲᠠᠯ ᠠ ᠪᠡᠷ ᠲᠡᠯᠭᠡᠷᠡᠩᠭᠦᠢ ᠦᠭᠦᠯᠡᠬᠦ ᠪᠤᠯᠤᠮᠵᠢ ᠨᠦᠬᠦᠴᠡᠯ ᠣᠯᠭᠤᠵᠤ ᠪᠦᠬᠦᠢ ᠴᠢᠬᠤᠯᠠ ᠪᠡᠶᠡᠲᠦ ᠬᠡᠷᠡᠭᠯᠡᠭᠳᠡᠬᠦᠨ ᠪᠢᠯᠡ᠃ ᠲᠤᠰ ᠦᠭᠦᠯᠡᠯ ᠳ᠋ᠤ 《 ᠪᠠᠶᠠᠭᠤᠳ ᠪᠠᠭᠠᠲᠤᠷ ᠲᠠᠢᠵᠢ ᠶᠢᠨ ᠰᠦᠮ ᠠ ᠶᠢᠨ ᠬᠦᠰᠢᠶ ᠠ》 ᠶᠢᠨ ᠡᠯ ᠠ ᠵᠦᠢᠯ ᠤᠨ ᠦᠰᠦᠭ ᠤᠨ ᠪᠢᠴᠢᠭᠡᠰᠦ ᠪᠠ ᠤᠷᠠᠯᠢᠭ ᠤᠨ ᠣᠨᠴᠠᠯᠢᠭ ᠢ ᠨᠢᠭᠡᠳᠦᠯᠲᠡᠢ ᠪᠦᠬᠦᠯᠢ ᠴᠣᠭᠴᠠ ᠪᠣᠯᠭᠠᠨ ᠦᠵᠡᠵᠦ᠂ ᠦᠨᠳᠦᠰᠦᠯᠡᠯ ᠳ᠋ᠦᠩᠨᠡᠯᠲᠡ ᠭᠠᠷᠭᠠᠬᠤ ᠵᠢ ᠬᠢᠴᠢᠶᠡᠪᠡ᠃ |
原文 |
没有原文
|
出自 |
内蒙古大学学报
2023年
第5期
|