题名 |
ᠮᠣᠩᠭᠤᠯ ᠬᠡᠯᠡ ᠪᠢᠴᠢᠭ ᠤᠨ ᠬᠡᠯᠡᠨ ᠤ ᠲᠦᠷᠦ ᠶᠢᠨ ᠪᠤᠳᠤᠯᠭ᠎ᠠ ᠶᠢᠨ ᠲᠸᠺᠰᠲ᠋ ᠤᠨ ᠰᠢᠲᠦᠯᠴᠡᠬᠦ ᠦᠭᠦᠯᠡᠪᠦᠷᠢ ᠵᠦᠢ ᠶᠢᠨ ᠰᠣᠳᠤᠯᠭᠠᠨ |
作者 |
ᠠᠨᠠᠷ︔ ᠲᠠᠪᠬᠤᠷᠪᠠᠶᠠᠷ |
关键词 |
ᠮᠣᠩᠭᠤᠯ ᠬᠡᠯᠡ ᠪᠢᠴᠢᠭ︔ ᠬᠡᠯᠡᠨ ᠤ ᠲᠦᠷᠦ ᠶᠢᠨ ᠪᠤᠳᠤᠯᠭ᠎ᠠ︔ ᠦᠭᠦᠯᠡᠪᠦᠷᠢ ᠶᠢᠨ ᠤᠷᠲᠤᠴᠠ︔ ᠰᠢᠲᠦᠯᠴᠡᠬᠦ ᠵᠠᠢ︔ ᠰᠢᠲᠦᠯᠴᠡᠬᠦ ᠬᠠᠷᠢᠴᠠᠭ᠎ᠠ |
摘要 |
ᠮᠣᠳᠤᠨ ᠤ ᠬᠦᠮᠦᠷᠭᠡ ᠪᠣᠯ ᠨᠢᠭᠡ ᠵᠦᠢᠯ ᠤᠨ ᠦᠭᠡᠰ ᠤᠨ ᠠᠢᠮᠠᠭ᠂ ᠦᠭᠦᠯᠡᠪᠦᠷᠢ ᠵᠦᠢ ᠶᠢᠨ ᠰᠤᠷᠠᠭ ᠵᠠᠩᠭᠢ ᠵᠢ ᠠᠭᠤᠯᠤᠭᠰᠠᠨ ᠬᠡᠯᠡᠨ ᠤ ᠮᠠᠲ᠋ᠸᠷᠢᠶᠠᠯ ᠤᠨ ᠬᠮᠦᠷᠭᠡ ᠪᠣᠯᠤᠨ᠎ᠠ᠃ ᠲᠤᠰ ᠦᠭᠦᠯᠡᠯ ᠳ᠋ᠤ ᠮᠣᠩᠭᠤᠯ ᠬᠡᠯᠡ ᠪᠢᠴᠢᠭ ᠤᠨ ᠬᠡᠯᠡᠨ ᠤ ᠲᠦᠷᠦ ᠶᠢᠨ ᠪᠣᠳᠤᠯᠭ᠎ᠠ ᠶᠢᠨ ᠲᠸᠺᠰᠲ ᠢ ᠡᠮᠬᠢᠳᠭᠡᠨ ᠴᠤᠭᠯᠠᠭᠤᠯᠵᠤ᠂ ᠴᠠᠭ ᠬᠤᠭᠤᠴᠠᠭ᠎ᠠ ᠪᠠ ᠰᠢᠨᠵᠢ ᠴᠢᠠᠨᠷ ᠢᠢᠡᠷ ᠨᠢ ᠲᠦᠷᠦᠯ ᠬᠤᠪᠢᠶᠠᠭᠰᠠᠨ ᠤ ᠲᠠᠷᠠᠭ᠎ᠠ ᠳᠤᠮᠳᠠᠴᠢ ᠦᠭᠦᠯᠡᠪᠤᠷᠢ ᠶᠢᠨ ᠤᠷᠲᠤᠴᠠ ᠵᠢ ᠨᠢ ᠪᠣᠳᠤᠵᠤ᠂ ᠲᠠᠬᠢᠨ ᠮᠣᠳᠦᠨ ᠤ ᠬᠦᠮᠦᠷᠭᠡMLPTB ᠳ᠋ᠤ ᠰᠢᠲᠦᠯᠴᠡᠬᠦ ᠵᠠᠢ᠂ ᠰᠢᠲᠦᠯᠴᠡᠬᠦ ᠴᠢᠭᠯᠡᠯ᠂ ᠰᠢᠲᠦᠯᠴᠡᠬᠦ ᠬᠠᠷᠢᠴᠠᠭᠠᠨ ᠤ ᠲᠦᠷᠦᠯ ᠵᠦᠢᠯ ᠵᠡᠷᠭᠡ ᠲᠠᠯ ᠠ ᠡᠴᠡ ᠪᠦᠷᠢᠢᠳᠭᠡᠵᠦ᠂ ᠤᠷᠤᠢᠳᠤᠬᠢ ᠰᠣᠳᠤᠯᠭᠠᠨ ᠲᠠᠢ ᠬᠠᠷᠢᠴᠠᠭᠤᠯᠤᠯ ᠬᠢᠭᠰᠡᠨ ᠪᠠᠢᠨ᠎ᠠ᠃ ᠰᠣᠳᠤᠯᠭᠠᠨ ᠤ ᠳ᠋ᠦᠩ ᠳ᠋ᠤ MLPTB ᠶᠢᠨ ᠳᠤᠮᠳᠠᠴᠢ ᠦᠭᠦᠯᠡᠪᠦᠷᠢ ᠶᠢᠨ ᠤᠷᠲᠤᠴᠠ ᠨᠢ 19.43᠂ ᠲᠤᠮᠳᠠᠴᠢ ᠰᠢᠲᠦᠯᠴᠡᠬᠦ ᠵᠠᠢ ᠨᠢ 2.76᠂ ᠰᠢᠲᠦᠯᠴᠡᠬᠦ ᠬᠠᠷᠢᠴᠠᠭᠠᠨ ᠤ ᠲᠦᠶᠷᠦᠯ ᠵᠦᠢᠯ ᠳ᠋ᠤ ATTᠬᠠᠷᠢᠴᠠᠭᠠᠨ ᠤ ᠡᠵᠡᠯᠡᠬᠦ ᠬᠠᠷᠢᠴᠠᠯ ᠤᠨ ᠬᠠᠮᠤᠭ ᠤᠨ ᠣᠯᠠᠨ᠂INDE ᠬᠠᠷᠢᠴᠠᠭ᠎ᠠ ᠨᠢ ᠴᠤ ᠪᠣᠰᠤᠳ ᠬᠦᠮᠦᠷᠭᠡ ᠡᠴᠡ ᠢᠯᠡᠭᠦᠦ ᠢᠯᠡᠷᠡᠵᠡᠢ᠃ |
原文 |
没有原文
|
出自 |
内蒙古大学学报
2023年
第5期
|