摘要 |
ᠴᠢᠩ ᠤᠯᠤᠰ ᠤᠨ ᠲᠦᠷᠦ ᠭᠡᠷᠡᠯᠲᠦ ᠶᠢᠨ ᠬᠣᠷᠢ ᠶᠢᠰᠦᠳᠦᠭᠡᠷ ᠤᠨ(1849) ᠳ᠋ᠤ ᠲᠦᠮᠡᠳ ᠺᠠᠯᠽᠠᠩ ᠪᠡᠷ 《 ᠬᠤᠶᠠᠷ ᠪᠣᠰᠤ ᠵᠢ ᠬᠤᠴᠢᠬᠤ ᠰᠡᠳᠬᠢᠯ》ᠭᠡᠬᠦ ᠨᠡᠷᠡᠲᠡᠢ ᠬᠦᠮᠦᠨ ᠤ ᠲᠤᠬᠠᠢ ᠨᠢᠭᠡ ᠲᠠᠭᠤᠨ ᠤ ᠦᠭᠡ ᠵᠢ ᠵᠤᠬᠢᠶᠠᠵᠤ᠂《 ᠬᠦᠬᠡ ᠬᠤᠲᠠ ᠶᠢᠨ ᠺᠠ ᠪᠠᠭᠱᠢ ᠶᠢᠨ ᠰᠤᠷᠭᠠᠭᠰᠠᠨ ᠰᠤᠷᠬᠠᠬᠤᠯᠢ ᠤᠨ ᠳᠡᠪᠲᠡᠷ ᠣᠷᠤᠱᠢᠪᠠ》 ᠭᠡᠬᠦ ᠤᠷᠭᠠᠯ ᠤᠨ ᠳᠡᠪᠲᠡᠷ ᠤᠨ ᠭᠠᠷᠭᠠᠯᠭ᠎ᠠ ᠳ᠋ᠤ ᠲᠡᠭᠦᠰᠭᠡᠯ ᠪᠤᠯᠭᠠᠵᠤ ᠲᠠᠯᠪᠢᠵᠠᠢ᠃ ᠭᠡᠬᠦ ᠳ᠋ᠤ ᠪᠠᠨ ᠵᠤᠬᠢᠶᠠᠭᠴᠢ ᠪᠡᠷ 《 ᠬᠤᠲᠤᠭᠲᠤ ᠮᠣᠷᠢ ᠵᠢ ᠣᠯᠬᠤᠶ ᠠ ᠠᠷᠬ᠎ᠠ》 ᠵᠢ ᠰᠦᠪᠡᠭᠴᠢᠯᠡᠵᠦ᠂ ᠨᠡᠢᠭᠡᠮ ᠢ ᠵᠠᠰᠠᠨ ᠵᠦᠭᠰᠢᠷᠡᠬᠦᠯᠬᠦ ᠪᠠ ᠬᠦᠮᠦᠨ ᠤ ᠴᠢᠠᠨᠷ ᠢ ᠳᠡᠭᠡᠭᠰᠢᠯᠡᠬᠦᠯᠬᠦ ᠠᠰᠠᠭᠤᠳᠠᠯ ᠢ ᠠᠩᠬᠠᠷᠤᠯ ᠳ᠋ᠤ ᠪᠠᠨ ᠠᠪᠴᠤ ᠲᠠᠭᠤᠨ ᠤ ᠦᠭᠡ ᠶᠢᠨ ᠬᠡᠯᠪᠡᠷᠢ ᠪᠡᠷ ᠣᠯᠠᠨ ᠨᠡᠢᠲᠡ ᠳ᠋ᠤ ᠰᠤᠷᠭᠠᠯ ᠬᠠᠢᠷᠠᠯᠠᠭᠰᠠᠨ ᠪᠠᠢᠨ᠎ᠠ᠃ |