题名 |
ᠬᠡᠯᠪᠡᠷᠢ ᠶᠢᠨ ᠬᠡᠯᠡ ᠡᠴᠡ ᠤᠶᠤᠨ ᠤᠬᠠᠭᠠᠨ ᠤ ᠠᠭᠤᠯᠬᠤᠨ ᠬᠦᠷᠲᠡᠯ ᠠ᠄ ᠣᠳᠤ ᠦᠶ ᠠ ᠶᠢᠨ ᠦᠪᠦᠷ ᠮᠣᠨᠭᠤᠯ ᠤᠨ ᠨᠠᠷᠢᠯᠢᠭ ᠵᠢᠷᠤᠭ ᠤᠨ ᠤᠷᠠᠯᠢᠭ ᠤᠨ ᠢᠯᠡᠷᠡᠬᠦᠯᠦᠯ |
作者 |
ᠡᠷᠳᠡᠮᠲᠦ |
关键词 |
ᠨᠠᠷᠢᠯᠢᠭ ᠵᠢᠷᠤᠭ︔ ᠦᠪᠦᠷ ᠮᠣᠩᠭᠤᠯ︔ ᠤᠯᠠᠮᠵᠢᠯᠠᠯᠲᠤ ᠰᠣᠶᠤᠯ︔ ᠭᠤᠤ ᠠ ᠲᠠᠭᠠᠰᠢᠶᠠᠯ ᠤᠨ ᠰᠢᠨᠡᠴᠢᠯᠡᠯᠲᠡ |
摘要 |
ᠤᠢᠷ ᠠ ᠶᠢᠨ ᠵᠢᠯ ᠤᠳ ᠲᠤ᠂ ᠦᠪᠦ ᠷᠮᠣᠩᠭᠤᠯ ᠤᠨ ᠤᠷᠠᠨ ᠵᠢᠷᠤᠭ ᠤᠨ ᠦᠷᠨᠢᠩᠭᠦᠢ ᠬᠦᠭᠵᠢᠯᠲᠡ ᠨᠢ ᠰᠢᠨ᠎ᠠ ᠴᠠᠭ ᠦᠶ ᠠ ᠶᠢᠨ ᠰᠣᠶᠤᠯ ᠤᠨ ᠬᠡᠪ ᠰᠤᠷᠲᠠᠯ ᠲᠠᠢ ᠨᠢᠭᠲᠠ ᠬᠣᠯᠪᠤᠭ᠎ᠠ ᠲᠠᠢ ᠪᠠᠢᠵᠦ᠂ ᠪᠠᠶᠠᠯᠢᠭ ᠰᠠᠢᠬᠠᠨ ᠤᠷᠠᠯᠢᠭ ᠤᠨ ᠦᠩᠭᠡ ᠲᠦᠷᠬᠦ ᠪᠠ ᠵᠤᠬᠢᠶᠠᠨ ᠪᠦᠲᠦᠭᠡᠯᠭᠡ ᠶᠢᠨ ᠬᠡᠯᠪᠡᠷᠢ ᠪᠤᠯᠤᠭᠰᠠᠨ ᠪᠠᠢᠨ ᠠ᠃ ᠦᠪᠦᠷ ᠮᠣᠩᠭᠤᠯ ᠤᠨ ᠨᠠᠷᠢᠯᠢᠭ ᠵᠢᠷᠤᠭ ᠤᠨ ᠬᠦᠭᠵᠢᠯᠲᠡ᠂ᠤᠯᠠᠮᠵᠢᠯᠠᠯᠲᠤ ᠨᠠᠢᠷᠢᠯᠢᠭ ᠵᠢᠷᠤᠭ ᠤᠨ ᠤᠷ ᠠ ᠮᠡᠷᠭᠡᠵᠢᠯ ᠤᠨ ᠵᠣᠷᠢᠭ ᠰᠠᠨᠠᠭ᠎ᠠ ᠵᠢ ᠵᠠᠯᠭᠠᠮᠵᠢᠯᠠᠭᠰᠠᠨ ᠤ ᠬᠠᠮᠲᠤ᠂ ᠤᠳᠤ ᠦᠶ ᠠ ᠶᠢᠨ ᠤᠷᠠᠨ ᠵᠢᠷᠤᠭ ᠤᠨ ᠦᠵᠡᠯ ᠰᠠᠨᠠᠭᠠᠨ ᠤ ᠤᠷᠤᠰᠬᠠᠯ ᠤᠨ ᠨᠦᠯᠦᠭᠡ ᠵᠢ ᠬᠦᠷᠲᠡᠵᠦ᠂ ᠵᠢᠷᠤᠭ ᠤᠨ ᠪᠦᠲᠦᠴᠡ ᠪᠠ ᠬᠡᠯᠪᠡᠷᠢ ᠶᠢᠨ ᠢᠯᠡᠷᠡᠬᠦᠯᠦᠯ ᠢ ᠴᠢᠬᠤᠯᠠᠴᠢᠯᠠᠨ᠂ ᠦᠩᠭᠡ ᠪᠤᠳᠤᠭ ᠤᠨ ᠲᠠᠯ ᠠ ᠪᠡᠷ ᠪᠡᠶᠡᠴᠢ ᠦᠩᠭᠡ ᠶᠢᠨ ᠢᠯᠡᠷᠡᠬᠦᠯᠦᠯ ᠳ᠋ᠤ ᠬᠡᠯᠪᠡᠷᠢᠬᠦ ᠶᠢᠨ ᠬᠠᠮᠲᠤ᠂ ᠲᠦᠷᠰᠦ ᠪᠦᠲᠦᠭᠡᠭᠳᠡᠬᠦᠨ ᠶᠢᠨ ᠴᠢᠮᠡᠭᠡᠯᠡᠯ ᠤᠨ ᠰᠢᠨᠵᠢ ᠪᠠ ᠬᠠᠪᠲᠠᠭᠠᠢ ᠰᠢᠨᠵᠢ ᠶᠢᠨ ᠲᠠᠯ ᠠ ᠪᠡᠷ ᠵᠢᠷᠤᠭ ᠤᠨ ᠬᠡᠯᠡᠨ ᠤ ᠬᠠᠢᠯᠲᠠ ᠬᠢᠳᠡᠭ᠂ ᠡᠳᠡᠭᠡᠷ ᠨᠢ ᠴᠦᠮ ᠣᠳᠤ ᠦᠶ ᠠ ᠶᠢᠨ ᠦᠪᠦᠷ ᠮᠣᠩᠭᠤᠯ ᠤᠨ ᠤᠷᠠᠨ ᠪᠢᠴᠢᠯᠭᠡ ᠶᠢᠨ ᠤᠷᠠᠯᠢᠭ ᠤᠨ ᠬᠡᠯᠡ ᠪᠠ ᠬᠡᠯᠪᠡᠷᠢ ᠶᠢᠨ ᠪᠦᠷᠢᠯᠳᠦᠯ ᠤᠨ ᠲᠠᠯ ᠠ ᠪᠡᠷ ᠬᠢ ᠬᠠᠮᠤᠭ ᠤᠨ ᠭᠣᠣᠯ ᠣᠨᠴᠠᠯᠢᠭ ᠪᠠᠢᠵᠤ ᠲᠠᠭᠠᠷᠠᠨ ᠠ᠃ |
原文 |
没有原文
|
出自 |
内蒙古社会科学(蒙文版)
2023年
第4期
|