论文信息


题名 ᠦᠷᠦᠨ᠎ᠠ ᠶᠢᠨ ᠮᠣᠩᠭᠤᠯᠴᠢ ᠡᠷᠳᠡᠮᠲᠡᠳ ᠤᠨ ᠵᠤᠬᠢᠶᠠᠭᠰᠠᠨ ᠵᠦᠢᠯ ᠪᠦᠷᠢ ᠶᠢᠨ ᠠᠪᠢᠶᠠᠨ ᠤ ᠲᠡᠮᠳᠡᠭ ᠤᠨ ᠰᠢᠰᠲ᠋ᠸᠮ ᠬᠢᠭᠡᠳ ᠤᠤᠭᠠᠯ ᠠᠮᠠᠨ ᠰᠣᠶᠤᠯ ᠤᠨ ᠣᠷᠴᠢᠨ ᠳ᠋ᠤ ᠲᠡᠮᠳᠡᠭᠯᠡᠭᠳᠡᠭᠰᠡᠨ ᠮᠣᠩᠭᠤᠯ ᠠᠮᠠᠨ ᠵᠤᠬᠢᠶᠠᠯ ᠤᠨ ᠮᠠᠲ᠋ᠸᠷᠢᠶᠠᠯ
作者 ᠦ‍᠂ ᠨᠠᠴᠢᠨ
关键词 ᠵᠦᠢᠯ ᠪᠦᠷᠢ ᠶᠢᠨ ᠠᠪᠢᠶᠠᠨ ᠤ ᠲᠡᠮᠳᠡᠭ︔ ᠤᠤᠭᠠᠯ ᠠᠮᠠᠨ ᠰᠣᠶᠤᠯ ᠤᠨ ᠣᠷᠴᠢᠨ︔ ᠡᠭᠦᠰᠦᠮᠡᠯ ᠠᠮᠠᠨ ᠰᠣᠶᠤᠯ ᠤᠨ ᠣᠷᠴᠢᠨ︔ ᠮᠣᠩᠭᠤᠯ ᠠᠮᠠᠨ ᠵᠤᠬᠢᠶᠠᠯ ᠤᠨ ᠮᠠᠲ᠋ᠸᠷᠢᠶᠠᠯ
摘要 ᠦᠷᠦᠨ᠎ᠠ ᠶᠢᠨ ᠮᠣᠩᠭᠤᠯᠴᠢ ᠡᠷᠳᠡᠲᠡᠳ ᠮᠣᠩᠭᠤᠯ ᠣᠷᠤᠨ ᠳ᠋ᠤ ᠢᠷᠡᠵᠦ ᠠᠶᠠᠯᠠᠯ ᠪᠠ ᠵᠢᠭᠤᠯᠴᠢᠯᠠᠯ ᠪᠠ ᠭᠡᠭᠡᠷ ᠠ ᠶᠢᠨ ᠰᠢᠨᠵᠢᠯᠭᠡ ᠬᠢᠬᠦ ᠳ᠋ᠤ ᠪᠠᠨ ᠬᠠᠷᠢᠴᠠᠨᠭᠤᠢ ᠴᠡᠪᠡᠷ ᠤᠤᠭᠠᠯ ᠠᠮᠠᠨ ᠰᠣᠶᠤᠯ ᠤᠨ ᠣᠷᠴᠢᠨ ᠳ᠋ᠤ ᠮᠣᠩᠭᠤᠯ ᠠᠮᠠᠨ ᠵᠤᠬᠢᠶᠠᠯ ᠢ ᠣᠯᠠᠨ ᠠᠷᠪᠢᠨ ᠲᠡᠮᠳᠡᠭᠯᠡᠵᠦ᠂ ᠴᠢᠨᠠᠷᠯᠢᠭ ᠰᠠᠢᠨ ᠰᠣᠳᠤᠯᠭᠠᠨ ᠤ ᠮᠠᠲ᠋ᠸᠷᠢᠶᠠᠯ ᠤᠳ ᠢ ᠦᠯᠡᠳᠡᠭᠡᠵᠡᠢ᠃ ᠲᠡᠳᠡ ᠶᠡᠷᠦᠩᠬᠡᠢ ᠳ᠋ᠤ ᠪᠠᠨ ᠦᠪᠡᠷ ᠤᠨ ᠤᠯᠤᠰ ᠤᠨ ᠢᠢᠡᠨ ᠬᠡᠷᠡᠭᠯᠡᠵᠦ ᠪᠠᠢᠭᠰᠠᠨ ᠯᠠᠲ᠋ᠢᠨ ᠪᠤᠶᠤ ᠰᠡᠯᠸ ᠦᠰᠦᠭ ᠤᠨ ᠰᠠᠭᠤᠷᠢᠨ ᠳᠡᠭᠡᠷ ᠠ ᠦᠪᠡᠷ  ᠦᠪᠡᠷ ᠤᠨ ᠢᠢᠡᠨ ᠠᠪᠢᠶᠠᠨ ᠤ ᠲᠡᠮᠳᠡᠭ ᠤᠨ ᠰᠢᠰᠲ᠋ᠸᠮ ᠢ ᠵᠤᠬᠢᠶᠠᠨ ᠪᠦᠲᠦᠭᠡᠵᠦ᠂ ᠲᠡᠭᠦᠨ ᠢᠢᠡᠷ ᠢᠢᠡᠨ ᠮᠣᠩᠭᠤᠯ ᠠᠮᠠᠨ ᠠᠶᠠᠯᠭᠤ ᠪᠠ ᠠᠮᠠᠨ ᠵᠤᠬᠢᠶᠠᠯ ᠢ ᠲᠡᠮᠳᠡᠭᠯᠡᠨ ᠪᠠᠭᠤᠯᠭᠠᠭᠰᠠᠨ ᠤᠴᠢᠷ ᠡᠴᠡ ᠡᠳᠦᠭᠡ ᠪᠢᠳᠡ ᠦᠩᠭᠡᠷᠡᠭᠰᠡᠨ ᠤ ᠪᠦᠲᠦᠮᠵᠢᠲᠡᠢ ᠲᠤᠷᠰᠢᠯᠭ᠎ᠠ ᠡᠴᠡ ᠳ᠋ᠦᠩᠨᠡᠨ ᠬᠤᠷᠢᠶᠠᠩᠭᠤᠢᠯᠠᠭᠰᠠᠨ ᠬᠠᠮᠢᠶ ᠠ ᠪᠦᠬᠦᠢ ᠵᠠᠷᠴᠢᠮ ᠢ ᠪᠠᠷᠢᠮᠳᠠᠯᠠᠵᠤ᠂ ᠲᠡᠳᠡᠭᠡᠷ ᠮᠠᠷᠲᠠᠭᠳᠠᠭᠰᠠᠨ ᠲᠡᠮᠳᠡᠭ ᠤᠳ ᠢ ᠰᠡᠷᠭᠦᠭᠡᠨ ᠠᠮᠢᠯᠠᠭᠤᠯᠵᠤ᠂ ᠲᠠᠰᠤᠷᠠᠭᠰᠠᠨ ᠤᠯᠠᠮᠵᠢᠯᠠᠯ ᠢ ᠵᠠᠯᠭᠠᠨ ᠠᠪᠴᠤ᠂ ᠲᠠᠷᠤᠭᠲᠠᠭᠰᠠᠨ ᠮᠠᠲ᠋ᠸᠷᠢᠶᠠᠯ ᠤᠳ ᠢ ᠡᠷᠳᠡᠮ ᠰᠢᠨᠵᠢᠯᠡᠭᠡᠨ ᠤ ᠬᠦᠢᠯᠭᠡᠭᠡᠨ ᠳ᠋ᠤ ᠣᠷᠤᠭᠤᠯᠬᠤ ᠪᠡᠷ ᠴᠢᠷᠮᠠᠢᠬᠤ ᠬᠡᠷᠡᠭᠲᠡᠢ ᠪᠠᠢᠨ᠎ᠠ᠃
原文 没有原文
出自 内蒙古社会科学(蒙文版) 2023年 第4期

联系我们


内蒙古大学图书馆
呼和浩特市大学西路235号
中国·内蒙古
P: (0471) 4992561
E: huangfeilong@imu.edu.cn