摘要 |
ᠬᠠ᠂ ᠳ᠋ᠠᠮᠪᠢᠵᠠᠯᠰᠠᠨ ᠪᠡᠷ ᠬᠣᠯᠪᠤᠭ᠎ᠠ ᠶᠢᠨ ᠤᠢᠯᠠᠭᠠᠯᠲᠠ ᠶᠢᠨ ᠲᠠᠯ ᠠ ᠪᠡᠷ ᠠᠮᠠᠨ ᠵᠤᠬᠢᠶᠠᠯ ᠤᠨ ᠵᠤᠬᠢᠶᠠᠨ ᠪᠦᠲᠦᠭᠡᠬᠦ ᠵᠢᠮ ᠠ᠂ ᠤᠯᠠᠮᠵᠢᠯᠠᠯ ᠤᠨ ᠬᠡᠯᠪᠡᠷᠢ ᠬᠢᠭᠡᠳ ᠬᠦᠯᠢᠶᠡᠨ ᠠᠪᠤᠭᠴᠢᠳ ᠤᠨ ᠳᠠᠳᠬᠠᠯ ᠢ ᠲᠤᠳᠤᠷᠬᠠᠢ ᠮᠡᠳᠡᠳᠡᠭ ᠴᠤ ᠦᠬᠦᠮᠡᠯ ᠢᠢᠡᠷ ᠮᠦᠷᠲᠡᠨ ᠲᠠᠭᠠᠭᠰᠠᠨ ᠦᠭᠡᠢ ᠦᠪᠡᠷ ᠤᠨ ᠠᠮᠢᠳᠤᠯᠢᠭ ᠤᠢᠯᠠᠭᠠᠯᠲᠠ ᠪᠡᠷ ᠢᠢᠡᠨ ᠬᠣᠯᠪᠤᠭ᠎ᠠ ᠵᠤᠬᠢᠶᠠᠵᠤ ᠪᠠᠢᠵᠠᠢ᠃ ᠤᠯᠠᠮᠵᠢᠯᠠᠯ ᠵᠠᠯᠭᠠᠮᠵᠢᠯᠠᠯ ᠤᠨ ᠲᠠᠯ ᠠ ᠪᠡᠷ ᠬᠠ᠂ ᠳ᠋ᠠᠮᠪᠢᠵᠠᠯᠰᠠᠨ ᠪᠡᠷ ᠬᠣᠯᠪᠤᠭ᠎ᠠ ᠶᠢᠨ ᠤᠯᠠᠮᠵᠢᠯᠠᠯ ᠢ ᠦᠨᠳᠦᠰᠦᠨ ᠵᠤᠬᠢᠶᠠᠨ ᠪᠦᠲᠦᠭᠡᠭᠦ᠂ ᠡᠭᠦᠳᠦᠨ ᠪᠦᠲᠦᠭᠡᠯᠲᠡ ᠶᠢᠨ ᠳᠤᠮᠲᠠ ᠪᠠᠨ ᠤᠯᠠᠮᠵᠢᠯᠠᠯ ᠢ ᠪᠠᠷᠢᠮᠲᠠᠯᠠᠬᠤ ᠵᠢ ᠡᠷᠬᠢᠮᠯᠡᠵᠦ ᠪᠠᠢᠵᠠᠢ᠃ ᠲᠡᠢᠮᠦ ᠡᠴᠡ ᠲᠡᠭᠦᠨ ᠤ ᠬᠣᠯᠪᠤᠭ᠎ᠠ ᠨᠢ ᠦᠪᠡᠷᠮᠢᠴᠡ ᠰᠡᠳᠬᠢᠮᠵᠢ᠂ ᠴᠠᠭ ᠦᠶ ᠠ ᠶᠢᠨ ᠬᠠᠯᠠᠮᠵᠢᠯᠠᠯ᠂ ᠬᠤᠱᠤᠩ ᠶᠦᠮᠦᠷᠯᠢᠭ ᠰᠢᠨᠵᠢ᠂ ᠵᠦᠷᠢᠴᠡᠯᠲᠤ ᠰᠢᠨᠵᠢ ᠪᠡᠷ ᠢᠢᠡᠨ ᠤᠨᠴᠠᠯᠢᠭᠳᠠᠬᠤ ᠶᠤᠮ᠃ |