摘要 |
《 ᠭᠡᠰᠡᠷ》 ᠪᠣᠯ ᠲᠤᠮᠳᠠᠳᠤ ᠶᠢᠨ ᠦᠨᠳᠦᠰᠦᠲᠡᠨ ᠤ ᠰᠢᠯᠢᠳᠡᠭ ᠦᠪ ᠰᠣᠶᠤᠯ ᠤᠨ ᠨᠢᠭᠡ ᠨᠢ ᠪᠣᠯᠬᠤ ᠪᠦᠭᠡᠳ ᠲᠡᠷᠡ ᠨᠢ ᠤᠷᠲᠤ ᠤᠳᠠᠭᠠᠨ ᠬᠤᠭᠤᠴᠠᠭᠠᠨ ᠤ ᠳᠤᠮᠲᠠ ᠭᠠᠷ ᠪᠢᠴᠢᠮᠡᠯ ᠪᠠ ᠠᠯᠠᠮ ᠤᠯᠠᠮᠵᠢᠯᠠᠯ ᠢᠢᠡ ᠲᠠᠮᠵᠢᠨ ᠤᠯᠠᠮᠵᠢᠯᠠᠭᠳᠠᠨ ᠢᠷᠡᠭᠰᠡᠨ ᠪᠠᠢᠨ᠎ᠠ᠃ ᠡᠭᠦᠨ ᠳ᠋ᠤ ᠪᠤᠷᠢᠶᠠᠳ《 ᠭᠡᠰᠡᠷ》 ᠪᠤᠯ ᠮᠣᠩᠭᠤᠯ 《 ᠭᠡᠰᠡᠷ》 ᠤᠨ ᠠᠮᠠᠨ ᠤᠯᠠᠮᠵᠢᠯᠠᠯ ᠤᠨ ᠬᠡᠯᠪᠡᠷᠢ ᠪᠡᠷ ᠲᠠᠷᠬᠠᠭᠰᠠᠨ ᠬᠤᠪᠢᠯᠪᠤᠷᠢ ᠲᠸᠺᠰᠲ ᠪᠤᠯᠬᠤ ᠪᠦᠭᠡᠳ《 ᠭᠡᠰᠡᠷ》 ᠤᠨ ᠰᠣᠳᠤᠯᠤᠯ ᠤᠨ ᠴᠢᠬᠤᠯᠠ ᠰᠣᠳᠤᠯᠭᠠᠨ ᠤ ᠰᠡᠳᠦᠪ ᠤᠨ ᠨᠢᠭᠡ ᠪᠤᠯᠬᠤ ᠶᠤᠮ᠃ ᠪᠤᠷᠢᠶᠠᠳ ᠮᠣᠩᠭᠤᠯᠴᠤᠳ ᠤᠨ ᠳᠤᠮᠲᠠ ᠦᠷᠭᠡᠨ ᠢᠢᠡᠷ ᠤᠯᠠᠮᠵᠢᠯᠠᠭᠳᠠᠭᠰᠠᠨ 《 ᠭᠡᠰᠡᠷ》 ᠤᠨ ᠲᠤᠤᠯᠢ ᠨᠢ ᠪᠤᠷᠢᠶᠠᠳ ᠮᠣᠩᠭᠤᠯᠴᠤᠳ ᠤᠨ ᠤᠶᠤᠨ ᠤᠬᠠᠭᠠᠨ᠂ ᠪᠦᠲᠦᠭᠡᠯᠴᠢ ᠴᠢᠠᠨᠷ᠂ ᠲᠡᠦᠬᠡᠨ ᠬᠦᠭᠵᠢᠯᠲᠡ ᠪᠠ ᠬᠡᠯᠡ ᠰᠣᠶᠤᠯ ᠤᠨ ᠣᠨᠴᠠᠯᠢᠭ ᠢ ᠲᠤᠳᠤᠷᠠᠭᠤᠯᠤᠭᠰᠠᠨ ᠲᠠᠯ ᠠ ᠪᠡᠷ ᠦᠪᠡᠷᠮᠢᠴᠡ ᠰᠢᠨᠵᠢᠲᠠᠢ ᠪᠠᠢᠵᠦ᠂ ᠪᠣᠰᠤᠳ ᠮᠣᠩᠭᠤᠯ《 ᠭᠡᠰᠡᠷ》 ᠡᠴᠡ ᠢᠯᠭᠠᠭᠳᠠᠬᠤ ᠲᠣᠪᠤᠢᠮ ᠠ ᠣᠨᠴᠠᠯᠢᠭ ᠲᠠᠢ ᠪᠣᠯᠵᠠᠢ᠃ |