摘要 |
《 ᠨᠠ᠂ᠰᠠᠢᠨᠴᠣᠭᠲᠤ ᠰᠣᠳᠤᠯᠤᠯ》 ᠵᠢᠴᠢ 《 ᠨᠠ᠂ ᠰᠠᠢᠨᠴᠣᠭᠲᠤ ᠬᠠᠯᠠᠭᠤᠷᠠᠯ》 ᠨᠢ ᠮᠣᠩᠭᠤᠯ ᠦᠨᠳᠦᠰᠦᠲᠡᠨ ᠤ ᠤᠷᠠᠨ ᠵᠤᠬᠢᠶᠠᠯ ᠤᠨ ᠰᠣᠳᠤᠯᠭᠠᠨ ᠤ ᠨᠢᠭᠡᠨ ᠮᠠᠰᠢ ᠬᠠᠯᠠᠮᠰᠢᠯ ᠴᠡᠭ ᠪᠤᠯᠤᠭᠰᠠᠨ ᠮᠦᠷᠲᠡᠭᠡᠨ ᠲᠤᠰ ᠰᠢᠨᠵᠢᠯᠡᠭᠡᠨ ᠨᠢ ᠣᠳᠤ ᠨᠢᠭᠡᠨᠲᠡ ᠪᠡᠶ ᠠ ᠪᠠᠨ ᠲᠠᠭᠠᠭᠠᠭᠰᠠᠨ ᠲᠤᠰᠬᠠᠢ ᠰᠣᠳᠤᠯᠤᠯ ᠤᠨ ᠠᠢ ᠪᠤᠯᠵᠤ ᠲᠠᠰᠤᠷᠠᠯᠲᠠ ᠦᠭᠡᠢ ᠦᠷᠨᠢᠨ ᠬᠦᠭᠵᠢᠭᠰᠡᠭᠡᠷ ᠪᠢᠯᠡ᠃ ᠬᠦᠭᠵᠢᠯᠲᠡ ᠶᠢᠨ ᠰᠢᠨ᠎ᠠ ᠬᠠᠷᠠᠴᠡ ᠪᠡᠷ ᠰᠣᠳᠤᠯᠭᠠᠨ ᠳ᠋ᠤ ᠬᠠᠨᠳᠤᠵᠤ᠂ 《 ᠨᠠ ᠰᠠᠢᠨᠴᠣᠭᠲᠤ ᠰᠣᠳᠤᠯᠤᠯ》 ᠤᠨ1978-2000ᠣᠨ ᠤ ᠬᠤᠭᠤᠷᠤᠨᠳᠤᠬᠢ ᠬᠠᠮᠢᠭ᠎ᠠ ᠪᠦᠬᠦᠢ ᠦᠭᠦᠯᠡᠯ ᠰᠢᠭᠦᠮᠵᠢ ᠪᠠ ᠵᠤᠬᠢᠶᠠᠨ ᠪᠦᠲᠦᠭᠡᠯ ᠤᠳ ᠤᠨ ᠡᠯ ᠠ ᠵᠠᠭᠤᠴᠢ ᠲᠠᠪᠴᠠᠩ ᠳᠡᠭᠡᠷ ᠠ ᠨᠡᠢᠲᠡᠯᠡᠭᠳᠡᠭᠰᠡᠨ ᠶᠡᠷᠦᠩᠬᠡᠢ ᠪᠠᠢᠳᠠᠯ ᠢ ᠪᠦᠷᠳᠭᠡᠨ ᠰᠣᠳᠤᠯᠵᠤ᠂ ᠬᠠᠷᠢᠴᠠᠭᠤᠯᠤᠯ ᠤᠨ ᠠᠷᠭ᠎ᠠ ᠪᠠ ᠪᠣᠳᠠᠲᠠᠢ ᠵᠠᠳᠠᠯᠤᠯᠲᠠ ᠬᠢᠬᠦ ᠠᠷᠭ᠎ᠠ ᠵᠢ ᠤᠶᠠᠯᠳᠤᠭᠤᠯᠤᠨ ᠬᠡᠷᠡᠭᠯᠡᠵᠦ᠂ ᠰᠣᠳᠤᠯᠭᠠᠨ ᠤ ᠣᠨᠴᠠᠯᠢᠭ ᠰᠢᠨᠵᠢ ᠳ᠋ᠤ ᠨᠠᠷᠢᠨ ᠵᠠᠳᠠᠯᠤᠯᠲᠠ ᠬᠢᠬᠦ ᠨᠢ《ᠨᠠ᠂ ᠰᠠᠢᠨᠴᠡᠣᠭᠲᠤ ᠰᠣᠳᠤᠯᠤᠯ》 ᠤᠨ ᠰᠢᠨ᠎ᠠ ᠬᠠᠷᠭᠠᠰᠤ ᠰᠢᠨ᠎ᠠ ᠵᠤᠭᠰᠤᠴᠡ ᠡᠴᠡ ᠲᠠᠭᠢᠨ ᠰᠢᠨ᠎ᠠ ᠪᠣᠯᠤᠮᠵᠢ ᠣᠨᠴᠠᠯᠢᠭ᠂ ᠨᠡᠩ ᠴᠢᠨᠠᠭᠰᠢᠲᠠ 《 ᠨᠠ᠂ ᠰᠠᠢᠨᠴᠡᠭᠲᠤ ᠰᠣᠳᠤᠯᠤᠯ》 ᠤᠨ ᠤᠯᠠᠮᠵᠢᠯᠠᠯ ᠬᠦᠭᠵᠢᠯᠲᠡ᠂ ᠰᠣᠳᠤᠯᠤᠯ ᠤᠨ ᠬᠦᠷᠢᠶ ᠠ ᠴᠠᠷᠠᠭ᠎ᠠ ᠵᠢ ᠦᠷᠭᠡᠵᠢᠬᠦᠯᠬᠦ ᠳ᠋ᠤ ᠠᠰᠢᠭᠲᠠᠢ ᠪᠦᠲᠦᠭᠡᠳ ᠰᠢᠨᠵᠢᠯᠡᠭᠡᠨ ᠤ ᠰᠠᠯᠠᠭ᠎ᠠ ᠨᠠᠮᠠᠭ᠎ᠠ ᠵᠢ ᠬᠦᠭᠵᠢᠬᠦᠯᠬᠦ ᠪᠤᠯᠤᠮᠵᠢ ᠵᠢ ᠬᠠᠩᠭᠠᠭᠰᠠᠨ ᠶᠤᠮ᠃ |