题名 |
《 ᠠᠷᠪᠠᠨ ᠪᠤᠶᠠᠨᠲᠤ ᠬᠠᠨ》 ᠲᠤᠤᠯᠢ ᠶᠢᠨ ᠤᠯᠠᠮᠵᠢᠯᠠᠯ ᠬᠢᠭᠡᠳ ᠳᠠᠬᠢᠨ ᠪᠦᠲᠦᠭᠡᠯᠲᠡ |
作者 |
ᠯᠢ ᠬᠤᠸᠠ |
关键词 |
《 ᠠᠷᠪᠠᠨ ᠪᠤᠶᠠᠨᠲᠤ ᠬᠠᠨ》︔ ᠲᠤᠤᠯᠢ ᠶᠢᠨ ᠤᠯᠠᠮᠵᠢᠯᠠᠯ︔ ᠲᠠᠬᠢᠨ ᠪᠦᠲᠦᠭᠡᠯᠲᠡ |
摘要 |
《 ᠠᠷᠪᠠᠨ ᠪᠤᠶᠤᠨᠲᠤ ᠬᠠᠨ》 ᠲᠤᠤᠯᠢ ᠪᠣᠯ ᠣᠳᠤ ᠪᠡᠷ ᠢᠢᠡᠨ ᠠᠮᠢᠳᠤ ᠲᠤᠤᠯᠢ ᠶᠢᠨ ᠬᠡᠯᠪᠡᠷᠢ ᠪᠡᠷ ᠬᠣᠷᠴᠢᠨ ᠨᠤᠲᠤᠭ ᠲᠤ ᠤᠯᠠᠮᠵᠢᠯᠠᠭᠳᠠᠵᠤ ᠪᠠᠢᠭ᠎ᠠ ᠤᠭᠰᠠᠷᠠᠭᠰᠠᠨ ᠨᠡᠢᠯᠡᠮᠡᠯ ᠲᠤᠤᠯᠢ ᠮᠦᠨ᠃ ᠲᠡᠷᠡ ᠨᠢ 《 ᠳᠤᠬᠢᠭᠤᠷ ᠤᠨ ᠲᠤᠯᠤᠭᠠᠨ ᠡᠪᠦᠭᠡᠨ ᠰᠢᠲᠦᠭᠡᠨ》 ᠭᠡᠬᠦ ᠨᠠᠢᠮᠠᠨ ᠪᠦᠯᠦᠭᠲᠦ ᠢᠵᠢ ᠪᠦᠷᠢᠨ ᠲᠤᠤᠯᠢ ᠶᠢᠨ ᠲᠡᠷᠢᠬᠦᠨ ᠪᠦᠯᠦᠭ ᠲᠤᠤᠯᠢ ᠪᠤᠯᠤᠨ᠎ᠠ᠃ ᠪᠠᠶᠠᠭᠤᠳ᠂ ᠴᠠᠢ ᠱᠠᠨ ᠪᠤᠯ ᠲᠤᠰ ᠲᠤᠤᠯᠢ ᠵᠢ ᠪᠦᠷᠢᠨ ᠬᠠᠢᠯᠠᠵᠤ ᠴᠢᠳᠠᠬᠤ ᠠᠷᠠᠳ ᠤᠨ ᠤᠷᠠᠯᠢᠭᠴᠢᠨ ᠮᠦᠨ᠃ ᠲᠡᠭᠦᠨ ᠤ ᠲᠤᠤᠯᠢ ᠶᠢᠨ ᠦᠢᠯᠡ ᠶᠠᠪᠤᠳᠠᠯ ᠢ ᠴᠡᠭᠡᠵᠢᠯᠡᠵᠦ᠂ ᠴᠣᠭᠤᠷ ᠤᠨ ᠠᠶ ᠠ ᠬᠠᠪᠰᠤᠷᠭᠠᠨ ᠬᠠᠢᠯᠠᠭᠰᠠᠨ ᠦᠩᠭᠡᠷᠡᠯᠲᠡ ᠵᠢ ᠦᠨᠳᠦᠰᠦᠯᠡᠪᠡᠯ᠂ 《 ᠠᠷᠪᠠᠨ ᠪᠤᠶᠠᠨᠲᠤ ᠬᠠᠨ》 ᠲᠤᠤᠯᠢ ᠨᠢ ᠠᠮᠠ ᠪᠡᠷ ᠤᠯᠠᠮᠵᠢᠯᠠᠭᠳᠠᠭᠰᠠᠨ᠂ ᠪᠢᠴᠢᠭ ᠢᠢᠡᠷ ᠤᠯᠠᠮᠵᠢᠯᠠᠭᠳᠠᠭᠰᠠᠨ ᠪᠠ ᠲᠠᠭᠤ ᠲᠦᠷᠰᠦ ᠰᠢᠩᠭᠡᠭᠡᠯᠲᠡ ᠶᠢᠨ ᠬᠡᠯᠪᠡᠷᠢ ᠪᠡᠷ ᠤᠯᠠᠵᠢᠯᠠᠭᠳᠠᠭᠰᠠᠨ ᠣᠨᠴᠠᠯᠢᠭ ᠲᠠᠢ᠃ ᠠᠳᠠᠯᠢ ᠪᠤᠰᠤ ᠭᠤᠷᠪᠠᠨ ᠬᠡᠯᠪᠡᠷᠢ ᠪᠡᠷ《 ᠠᠷᠪᠠᠨ ᠪᠤᠶᠤᠨᠲᠤ ᠬᠠᠨ》 ᠲᠤᠤᠯᠢ ᠵᠢ ᠤᠯᠠᠮᠵᠢᠯᠠᠭᠰᠠᠨ ᠨᠢ ᠲᠡᠭᠦᠨ ᠢ ᠵᠤᠬᠢᠶᠠᠮᠠᠯ ᠲᠤᠤᠯᠢ ᠪᠣᠯᠭᠠᠭᠰᠠᠨ ᠪᠢᠰᠢ᠂ ᠬᠠᠷᠢᠨ ᠲᠤᠤᠯᠢ ᠶᠢᠨ ᠲᠠᠬᠢᠨ ᠪᠦᠲᠦᠭᠡᠯᠲᠡ ᠪᠤᠯᠤᠨ᠎ᠠ᠃ ᠲᠤᠤᠯᠢ ᠶᠢᠨ ᠤᠯᠠᠮᠵᠢᠯᠠᠯ ᠪᠠ ᠳᠠᠬᠢᠨ ᠪᠦᠦᠲᠭᠡᠯᠲᠡ ᠭᠡᠬᠦ ᠳ᠋ᠤ ᠲᠤᠤᠯᠢᠴᠢ ᠶᠢᠨ ᠵᠠᠯᠭᠠᠮᠵᠢᠯᠠᠭᠴᠢ ᠬᠦᠮᠦᠵᠢᠬᠦᠯᠬᠦ ᠠᠰᠠᠭᠤᠳᠠᠯ ᠪᠠᠴᠢᠮ ᠲᠤᠯᠭᠠᠷᠠᠵᠤ ᠪᠤᠢ᠃ |
原文 |
没有原文
|
出自 |
内蒙古社会科学(蒙文版)
2023年
第1期
|