题名 |
ᠮᠣᠩᠭᠤᠯ ᠬᠡᠯᠡᠨ ᠤ ᠦᠭᠡᠰ ᠤᠨ ᠤᠶᠠᠯᠳᠤᠯ ᠤᠨ ᠰᠦᠯᠵᠢᠶᠠᠨ ᠳ᠋ᠡᠬᠢ ᠴᠦᠮ ᠠ ᠦᠭᠡᠰ ᠤᠨ ᠰᠠᠩ ᠤᠨ ᠰᠢᠨᠵᠢ ᠴᠢᠠᠨᠷ ᠤᠨ ᠵᠠᠳᠠᠯᠤᠯᠲᠠ |
作者 |
ᠦᠷᠯᠦᠭ︔ ᠭᠦᠩ ᠶᠠᠨ ᠯᠢ︔ ᠰ᠂ ᠯᠣᠭᠯᠤ |
关键词 |
ᠪᠤᠳᠤᠯᠢᠶᠠᠨᠲᠤ ᠰᠦᠯᠵᠢᠶ ᠠ︔ ᠦᠭᠡᠰ ᠤᠨ ᠳᠠᠪᠲᠠᠮᠵᠢ︔ ᠦᠭᠡᠰ ᠤᠨ ᠰᠠᠩ |
摘要 |
ᠶᠠᠮᠠᠷᠪᠠ ᠬᠡᠯᠡᠨ ᠳ᠋ᠤ ᠴᠦᠮ ᠦᠭᠡᠰ ᠤᠨ ᠰᠠᠩ ᠨᠢ ᠦᠭᠡᠰ ᠤᠨ ᠤᠶᠠᠯᠳᠤᠭᠠᠨ ᠤ ᠭᠤᠤᠯᠯᠠᠭᠴᠢ ᠬᠦᠨᠦᠨ ᠪᠸᠯᠵᠤ ᠪᠠᠢᠳᠠᠭ ᠡᠴᠡ ᠵᠤᠬᠢᠬᠤ ᠬᠡᠯᠡᠨ ᠤ ᠮᠠᠲ᠋ᠸᠷᠢᠶᠠᠯ ᠤᠨ ᠬᠦᠮᠦᠷᠭᠡ ᠳ᠋ᠤ ᠰᠠᠭᠤᠷᠢᠯᠠᠨ᠂ ᠲᠤᠬᠠᠢ ᠶᠢᠨ ᠬᠡᠯᠡᠨ ᠤ ᠴᠦᠮ ᠠ ᠦᠭᠡᠰ ᠤᠨ ᠰᠠᠩ ᠢ ᠢᠯᠠᠭᠠᠷᠠᠭᠤᠯᠤᠨ᠂ ᠲᠡᠭᠦᠨ ᠤ ᠰᠢᠨᠵᠢ ᠴᠢᠨᠠᠷ ᠢ ᠵᠠᠳᠠᠯᠤᠨ ᠰᠢᠨᠵᠢᠯᠡᠬᠦ ᠨᠢ ᠬᠡᠡᠯ ᠪᠢᠴᠢᠭ ᠤᠨ ᠰᠤᠷᠠᠭ ᠵᠠᠩᠭᠢ ᠶᠢᠨ ᠰᠢᠢᠳᠪᠦᠷᠢᠯᠡᠯᠲᠡ ᠳ᠋ᠤ ᠴᠢᠬᠤᠯᠠ ᠠᠴᠢ ᠬᠣᠯᠪᠤᠭᠳᠠᠯ ᠲᠠᠢ᠃ ᠲᠤᠰ ᠦᠭᠦᠯᠡᠯ ᠤᠷᠠᠨ ᠵᠤᠬᠢᠶᠠᠯ᠂ ᠰᠣᠨᠢᠨ ᠮᠡᠳᠡᠭᠡ᠂ ᠬᠠᠤᠯᠢ ᠴᠠᠭᠠᠵᠠ ᠶᠢᠨ ᠪᠢᠴᠢᠭ ᠮᠠᠲ᠋ᠸᠷᠢᠶᠠᠯ ᠢ ᠠᠭᠤᠯᠤᠭᠰᠠᠨ ᠮᠢᠩᠭᠠᠨ ᠲᠦᠮᠡᠨ ᠦᠭᠡ ᠪᠦᠬᠦᠢ ᠬᠡᠯᠡᠨ ᠤ ᠮᠠᠲ᠋ᠸᠷᠢᠶᠠᠯ ᠤᠨ ᠬᠦᠮᠦᠷᠭᠡ ᠳ᠋ᠤ ᠰᠠᠭᠤᠷᠢᠯᠠᠨ ᠦᠭᠡᠰ ᠤᠨ ᠤᠶᠠᠯᠳᠤᠯ ᠤᠨ ᠰᠦᠯᠵᠢᠶ ᠠ ᠵᠢ ᠪᠠᠢᠭᠤᠯᠤᠨ᠂ ᠰᠦᠯᠵᠢᠶᠠᠨ ᠤ ᠬᠡᠮᠵᠢᠶᠡᠰᠦᠬᠦᠢ ᠴᠢᠠᠨᠷ ᠢ ᠠᠰᠢᠭᠯᠠᠵᠤ᠂ᠪᠦᠬᠦ ᠦᠭᠡᠰ ᠤᠨ ᠰᠠᠩ ᠤᠨ 1.74% ᠵᠢ ᠡᠵᠡᠯᠡᠨ᠂50% ᠶᠢᠨ ᠰᠦᠯᠵᠢᠶᠠᠨ ᠤ ᠵᠠᠩᠢᠶᠠᠰᠤ ᠵᠢ ᠬᠣᠯᠪᠤᠵᠤ ᠪᠦᠬᠦᠢ 776 ᠲᠠᠩ ᠦᠭᠡ ᠲᠠᠢ ᠮᠣᠩᠭᠤᠯ ᠬᠡᠯᠡᠨ ᠤ ᠴᠦᠮ ᠠ ᠦᠭᠡᠰ ᠤᠨ ᠰᠠᠩ ᠢ ᠢᠯᠠᠭᠠᠷᠠᠭᠤᠯᠪᠠ᠃ ᠡᠭᠦᠨ ᠤ ᠰᠠᠭᠤᠷᠢᠨ ᠳ᠋ᠤ ᠴᠦᠮ ᠡ ᠦᠭᠡᠰ ᠤᠨ ᠰᠠᠩ ᠳ᠋ᠡᠬᠢ ᠡᠯ ᠡ ᠦᠭᠡᠰ ᠤᠨ ᠠᠢᠮᠠᠭ ᠤᠨ ᠡᠵᠡᠯᠡᠬᠦ ᠬᠠᠷᠢᠴᠠᠯ ᠢ ᠰᠢᠨᠵᠢᠯᠡᠨ ᠲᠡᠳᠡᠭᠡᠷ ᠦᠭᠡᠰ ᠤᠨ ᠠᠢᠮᠠᠭ ᠤᠨ ᠤᠶᠠᠯᠳᠤᠬᠤ ᠪᠠᠢᠳᠠᠯ ᠢ ᠲᠤᠳᠤᠷᠠᠭᠤᠯᠵᠠᠢ᠃ |
原文 |
没有原文
|
出自 |
内蒙古大学学报
2023年
第6期
|