论文信息


题名 ᠣᠯᠠᠨ ᠡᠰᠢᠲᠦ ᠰᠣᠶᠤᠯ ᠤᠨ ᠬᠦᠷᠢᠶᠡᠨ ᠳ᠋ᠡᠬᠢ ᠬᠤᠭᠤᠷ ᠤᠨ ᠦᠯᠢᠭᠡᠷ ᠤᠨ ᠪᠠᠭᠠᠲᠤᠷᠯᠢᠭ ᠰᠢᠨᠵᠢ ᠬᠢᠭᠡᠳ ᠡᠮᠭᠡᠨᠢᠯᠲᠤ ᠰᠢᠨᠵᠢ ᠵᠢ ᠦᠭᠦᠯᠡᠬᠦ ᠨᠢ
作者 ᠬᠦᠷᠡᠯᠱᠠ
关键词 ᠣᠯᠠᠨ ᠡᠰᠢᠲᠦ ᠰᠣᠶᠤᠯ︔ ᠬᠤᠭᠤᠷ ᠤᠨ ᠦᠯᠢᠭᠡᠷ︔ ᠪᠠᠭᠠᠲᠤᠷᠯᠢᠭ ᠰᠢᠨᠵᠢ︔ ᠡᠮᠭᠡᠨᠢᠯᠲᠦ ᠰᠢᠨᠵᠢ
摘要 ᠬᠤᠭᠤᠷ ᠤᠨ ᠦᠯᠢᠭᠡᠷ ᠪᠣᠯ ᠣᠯᠠᠨ ᠡᠰᠢᠲᠦ ᠰᠣᠶᠤᠯ ᠤᠨ ᠡᠯᠸᠮᠸᠨ᠋ᠲ ᠲᠠᠢ᠂ ᠤᠯᠠᠮᠵᠢᠯᠠᠯ ᠰᠢᠨᠡᠴᠢᠯᠡᠯ ᠤᠨ ᠡᠭᠦᠳᠦᠨ ᠪᠦᠲᠦᠭᠡᠯᠲᠡ ᠶᠢᠨ ᠬᠦᠳᠡᠯᠦᠩᠭᠦᠢ ᠤᠷᠠᠯᠢᠭ ᠤᠨ ᠴᠣᠭᠴᠠᠰ ᠶᠤᠮ᠃ ᠮᠣᠩᠭᠤᠯ ᠪᠠᠭᠠᠲᠤᠷᠯᠢᠭ ᠲᠤᠤᠯᠢ ᠶᠢᠨ ᠤᠯᠠᠮᠵᠢᠯᠠᠯ ᠢ ᠵᠠᠯᠭᠠᠮᠵᠢᠯᠠᠵᠤ᠂ ᠬᠢᠲᠠᠳ ᠤᠨ ᠪᠦᠯᠦᠭᠲᠦ ᠷᠤᠮᠠᠨ ᠤ ᠣᠷᠴᠢᠭᠤᠯᠭ᠎ᠠ ᠪᠸᠨᠰᠡᠨ ᠤ ᠦᠯᠢᠭᠡᠷ ᠢ ᠲᠤᠤᠯᠢᠰᠴᠢᠯᠠᠨ ᠲᠠᠭᠤᠯᠠᠵᠤ᠂ ᠪᠠᠭᠠᠲᠤᠷᠯᠢᠭ ᠰᠢᠨᠵᠢ ᠬᠢᠭᠡᠳ ᠡᠮᠭᠡᠨᠢᠯᠲᠤ ᠰᠢᠨᠵᠢ ᠪᠡᠷ ᠭᠤᠤᠯ ᠬᠦᠭ ᠠᠶᠠᠰ ᠪᠣᠯᠭᠠᠭᠰᠠᠨ ᠠᠮᠠᠨ ᠬᠦᠦᠷᠨᠢᠯ ᠤᠨ ᠲᠤᠭᠯᠠᠯᠲᠠ ᠶᠢᠨ ᠤᠷᠠᠯᠢᠭ ᠶᠤᠮ᠃ ᠬᠤᠭᠤᠷ ᠤᠨ ᠦᠯᠢᠭᠡᠷ ᠤᠨ ᠪᠠᠭᠠᠲᠤᠷᠯᠢᠭ ᠰᠢᠨᠵᠢ ᠪᠣᠯ ᠪᠠᠭᠠᠲᠤᠷ ᠤᠨ ᠲᠦᠷᠢ ᠶᠢᠨ ᠬᠡᠪᠰᠢᠭᠰᠡᠨ ᠬᠡᠯᠡᠯᠭᠡ ᠶᠢᠨ ᠢᠳᠡᠷᠡᠭᠦᠨ ᠲᠦᠷᠰᠦᠯᠡᠯ᠂ ᠦᠯᠢᠭᠡᠷ ᠤᠨ ᠠᠶ ᠠ ᠶᠢᠨ ᠰᠦᠷᠯᠢᠭ ᠨᠠᠮᠪᠠ ᠪᠡᠷ ᠢᠯᠡᠷᠡᠵᠦ᠂ ᠬᠤᠭᠤᠷ ᠤᠨ ᠦᠯᠢᠭᠡᠷ ᠤᠨ ᠡᠮᠭᠡᠨᠡᠯᠢᠲᠦ ᠰᠢᠨᠵᠢ ᠪᠣᠯ ᠲᠦᠷᠢ ᠶᠢᠨ ᠤᠴᠠᠷᠠᠯ ᠵᠤᠪᠠᠯᠠᠩ ᠤᠨ ᠡᠮᠭᠡᠨᠢᠯᠲᠦ ᠰᠢᠨᠵᠢ ᠲᠠᠢ ᠬᠡᠪᠰᠢᠭᠰᠡᠨ ᠬᠡᠯᠡᠯᠭᠡ ᠶᠢᠨ ᠲᠦᠷᠰᠦᠯᠡᠯ᠂ ᠦᠯᠢᠭᠡᠷ ᠤᠨ ᠠᠶ ᠠ ᠶᠢᠨ ᠤᠶᠠᠷᠠᠭᠤᠨ ᠡᠮᠭᠡᠨᠨᠢᠯᠲᠦ ᠰᠢᠨᠵᠢ ᠪᠡᠷ ᠢᠯᠡᠷᠡᠵᠦ ᠪᠤᠢ᠃ ᠬᠤᠭᠤᠷ ᠤᠨ ᠦᠯᠢᠭᠡᠷ ᠤᠨ ᠪᠠᠭᠠᠲᠤᠷᠯᠢᠭ ᠰᠢᠨᠵᠢ ᠬᠢᠭᠡᠳ ᠡᠮᠭᠡᠨᠢᠯᠲᠦ ᠰᠢᠨᠵᠢ ᠭᠤᠤ ᠠ ᠲᠠᠭᠠᠰᠢᠶᠠᠯ ᠤᠨ ᠬᠤᠶᠠᠷ ᠡᠰᠢᠲᠦ ᠣᠨᠴᠠᠯᠢᠭ ᠢ ᠪᠦᠷᠢᠯᠳᠦᠬᠦᠯᠵᠦ᠂ ᠬᠠᠷᠢᠯᠴᠠᠨ ᠨᠦᠬᠦᠴᠡᠯᠳᠦᠵᠦ᠂ ᠬᠠᠷᠢᠯᠴᠠᠨ ᠰᠢᠲᠦᠯᠴᠡᠨ᠂ ᠬᠤᠭᠤᠷ ᠤᠨ ᠦᠯᠢᠭᠡᠷ ᠤᠨ ᠤᠷᠠᠯᠢᠭ ᠤᠨ ᠨᠦᠯᠦᠭᠡᠯᠡᠭᠦ ᠬᠦᠴᠦᠨ ᠢ ᠡᠷᠴᠢᠯᠡᠵᠦ ᠪᠠᠢᠳᠠᠭ᠃
原文 没有原文
出自 内蒙古大学学报 2023年 第4期

联系我们


内蒙古大学图书馆
呼和浩特市大学西路235号
中国·内蒙古
P: (0471) 4992561
E: huangfeilong@imu.edu.cn