题名 |
ᠴᠢᠩ ᠤᠯᠤᠰ ᠤᠨ ᠦᠶ ᠡ ᠳ᠋ᠤ ᠬᠠᠷᠠᠴᠢᠨ ᠵᠡᠭᠦᠨ ᠭᠠᠷ ᠤᠨ ᠬᠤᠰᠢᠭᠤᠨ ᠳ᠋ᠤ ᠪᠠᠢᠭᠤᠯᠤᠭᠳᠠᠭᠰᠠᠨ ᠮᠣᠩᠭᠤᠯ ᠵᠢᠤᠢᠰᠠ ᠶᠢᠨ ᠲᠤᠬᠠᠢ ᠦᠭᠦᠯᠡᠬᠦ ᠨᠢ |
作者 |
ᠪᠠᠢ ᠣᠷᠭᠢᠯ |
关键词 |
ᠮᠣᠩᠭᠤᠯ ᠵᠢᠤᠢᠰᠠ︔ᠲᠠᠽᠢᠬᠡᠦ ᠰᠢᠭᠤᠳ ᠬᠠᠷᠢᠶᠠᠲᠤ ᠲᠢᠩ︔ ᠬᠠᠷᠠᠴᠢᠨ ᠵᠡᠭᠦᠨ ᠭᠠᠷ ᠤᠨ ᠬᠤᠰᠢᠭᠤ |
摘要 |
ᠮᠣᠩᠭᠤᠯ ᠵᠢᠤᠢᠰᠠ ᠪᠣᠯ ᠴᠢᠩ ᠤᠯᠤᠰ ᠤᠨ ᠵᠠᠰᠠᠭ ᠤᠨ ᠭᠠᠵᠠᠷ ᠡᠴᠡ ᠡᠩᠬᠡ ᠠᠮᠤᠭᠤᠯᠠᠩ ᠤᠨ ᠦᠶ ᠡ ᠡᠴᠡ ᠡᠬᠢᠯᠡᠨ ᠮᠣᠩᠭᠤᠯ ᠭᠠᠵᠠᠷ ᠲᠤ ᠤᠷᠤᠵᠦ ᠢᠷᠡᠵᠦ ᠰᠠᠭᠤᠷᠢᠰᠢᠭᠰᠠᠨ ᠲᠤᠳᠤᠷ ᠠ ᠭᠠᠵᠠᠷ ᠤᠨ ᠢᠷᠭᠡᠳ ᠢ ᠬᠠᠮᠢᠶᠠᠷᠬᠤ ᠲᠢᠩ ᠰᠢᠶᠠᠨ ᠢ ᠪᠠᠢᠭᠤᠯᠬᠤ ᠶᠢᠨ ᠦᠶ ᠡ ᠳ᠋ᠤ ᠠᠶᠠᠨᠳᠠᠭᠠᠨ ᠪᠤᠢ ᠪᠤᠯᠤᠭᠰᠠᠨ ᠨᠢᠭᠡᠨ ᠵᠦᠢᠯ ᠤᠨ ᠮᠣᠩᠭᠤᠯ ᠬᠤᠰᠢᠭᠤᠨ ᠤ ᠨᠤᠲᠤᠭ ᠲᠤ ᠰᠠᠭᠤᠭ᠎ᠠ ᠢᠷᠭᠡᠳ ᠡᠴᠡ ᠲᠦᠷᠢᠶᠡᠰᠦ ᠮᠦᠩᠭᠦ ᠬᠤᠷᠢᠶᠠᠬᠤ ᠪᠠᠢᠭᠤᠯᠤᠮᠵᠢ ᠪᠤᠯᠬᠤ ᠶᠤᠮ᠃ ᠲᠤᠰ ᠦᠭᠦᠯᠡᠯ ᠳ᠋ᠤ ᠬᠠᠷᠠᠴᠢᠨ ᠵᠡᠭᠦᠨ ᠭᠠᠷ ᠤᠨ ᠬᠤᠰᠢᠭᠤᠨ ᠤ ᠲᠠᠨᠰᠠ ᠡᠪᠬᠡᠮᠡᠯ ᠤᠨ ᠮᠡᠳᠡᠭᠡ ᠪᠠᠷᠢᠮᠲᠠ ᠳ᠋ᠤ ᠲᠤᠯᠭᠠᠭᠤᠷᠢᠯᠠᠨ᠂ ᠲᠤᠰ ᠬᠤᠰᠢᠭᠤᠨ ᠤ ᠮᠣᠩᠭᠤᠯ ᠵᠢᠤᠢᠰᠠ ᠶᠢᠨ ᠪᠠᠭᠤᠯᠤᠭᠳᠠᠭᠳᠠᠨ ᠴᠠᠭ᠂ ᠵᠤᠬᠢᠶᠠᠨ ᠪᠠᠢᠭᠤᠯᠤᠯᠲᠠ ᠵᠢᠴᠢ ᠲᠡᠭᠦᠨ ᠤ ᠣᠷᠤᠯᠭ᠎ᠠ ᠵᠠᠷᠤᠯᠭ᠎ᠠ ᠵᠢ ᠵᠠᠳᠠᠯᠤᠨ ᠰᠢᠨᠵᠢᠯᠡᠬᠦ ᠪᠡᠷ ᠲᠠᠮᠵᠢᠭᠤᠯᠵᠤ᠂ ᠮᠣᠩᠭᠤᠯ ᠵᠢᠤᠢᠰᠠ ᠶᠢᠨ ᠪᠤᠢ ᠪᠤᠯᠤᠭᠰᠠᠨ ᠲᠡᠦᠬᠡᠲᠦ ᠠᠬᠤᠢ ᠪᠤᠯᠤᠨ ᠲᠡᠭᠦᠨ ᠤ ᠮᠣᠩᠭᠤᠯ ᠬᠤᠰᠢᠭᠤᠨ ᠳ᠋ᠤ ᠦᠵᠡᠭᠦᠯᠦᠭᠰᠡᠨ ᠨᠦᠯᠦᠭᠡ ᠵᠢ ᠰᠢᠨᠵᠢᠯᠡᠬᠦ ᠵᠢ ᠵᠤᠷᠢᠪᠠ᠃ |
原文 |
没有原文
|
出自 |
内蒙古大学学报
2023年
第3期
|