论文信息


题名 ᠲᠦᠪᠡᠳ ᠦᠨᠳᠦᠰᠦᠲᠡᠨ ᠤ ᠵᠤᠬᠢᠰᠲᠤ ᠠᠶᠠᠯᠭᠤ ᠶᠢᠨ ᠴᠢᠮᠡᠭ ᠤᠨ ᠤᠨᠤᠯ ᠤᠨ ᠵᠠᠯᠭᠠᠮᠵᠢᠯᠠᠯ ᠬᠦᠭᠵᠢᠬᠦᠯᠦᠯ
作者 ᠰᠠᠢᠨᠪᠢᠯᠢᠭ᠌
关键词 ᠵᠤᠬᠢᠰᠲᠤ ᠠᠶᠠᠯᠭᠤ︔ ᠴᠢᠠᠮᠭ᠌ ᠤᠨ ᠣᠨᠤᠯ︔ ᠲᠠᠨᠳᠢᠨ︔ ᠲᠦᠪᠡᠳ ᠡᠷᠳᠡᠮᠲᠡᠳ︔ ᠵᠠᠯᠭᠠᠮᠵᠢᠯᠠᠯ ᠬᠦᠭᠵᠢᠬᠦᠯᠦᠯ
摘要 ᠵᠤᠬᠢᠰᠲᠤ ᠠᠶᠠᠯᠭᠤᠨ ᠤ ᠴᠢᠮᠭᠭ ᠤᠨ ᠤᠨᠤᠯ ᠪᠤᠯ ᠮᠣᠩᠭᠤᠯ ᠵᠣᠬᠢᠶᠠᠯᠴᠢᠳ ᠤᠨ ᠵᠤᠬᠢᠶᠠᠨ ᠪᠦᠲᠦᠭᠡᠯᠭᠡ ᠪᠠ ᠤᠨᠤᠯ ᠦᠭᠦᠯᠡᠬᠦᠢ ᠳ᠋ᠤ ᠴᠢᠬᠤᠯᠠ ᠡᠭᠦᠷᠭᠡ ᠬᠦᠢᠴᠡᠳᠭᠡᠭᠰᠡᠨ ᠤᠳᠬ ᠠ ᠵᠤᠬᠢᠶᠠᠯ ᠤᠨ ᠤᠨᠤᠯ ᠪᠤᠯᠬᠤ ᠶᠤᠮ᠃ ᠲᠡᠷᠡ ᠨᠢ 13ᠳ᠋ᠤᠭᠠᠷ ᠵᠠᠭᠤᠨ ᠤ ᠡᠬᠢᠨ ᠳ᠋ᠤ ᠲᠦᠪᠡᠳ ᠲᠤ ᠠᠩᠾ ᠠ ᠤᠯᠠᠮᠵᠢᠯᠠᠭᠳᠠᠭᠰᠠᠨ ᠡᠴᠡ ᠸᠳᠤ ᠪᠣᠯᠲᠠᠯᠠᠬᠢ ᠨᠠᠢᠮᠠᠨ ᠵᠠᠭᠤᠨ ᠤ ᠲᠤᠷᠰᠢ ᠳ᠋ᠤ ᠲᠦᠪᠡᠳ ᠣᠷᠤᠨ ᠳ᠋ᠤ ᠶᠡᠬᠡ ᠬᠡᠪᠴᠢᠶ ᠠ ᠪᠡᠷ ᠲᠡᠯᠭᠡᠷᠡᠪᠡ᠃ ᠡᠨᠡ ᠬᠦ ᠬᠤᠭᠤᠴᠠᠭᠠᠨ ᠳ᠋ᠤ ᠲᠦᠪᠡᠳ ᠡᠷᠲᠡᠮᠳᠡᠳ ᠡᠴᠡ ᠴᠢᠮᠠᠭ᠌ ᠤᠨ ᠤᠨᠤᠯ ᠤᠨ ᠲᠤᠬᠠᠢ ᠬᠣᠯᠪᠤᠭᠳᠠᠯ ᠪᠦᠬᠦᠢ ᠣᠯᠠᠨ ᠲᠤᠭᠠᠨ ᠤ ᠤᠨᠤᠯ ᠤᠨ ᠲᠠᠢᠯᠪᠤᠷᠢ ᠪᠠ ᠦᠯᠢᠭᠡᠷ ᠦᠭᠦᠯᠡᠬᠦᠢ ᠲᠤᠭᠤᠷᠪᠢᠵᠦ᠂ ᠤᠭ ᠤᠨᠤᠯ ᠢ ᠪᠦᠲᠦᠭᠡᠯᠴᠢ ᠪᠡᠷ ᠪᠠᠶᠠᠯᠢᠭᠵᠢᠭᠤᠯᠤᠨ ᠬᠦᠭᠵᠢᠬᠦᠯᠦᠭᠰᠡᠨ ᠶᠤᠮ᠃ ᠲᠦᠪᠡᠳ ᠡᠷᠳᠡᠮᠲᠡᠳ ᠤᠨ ᠵᠤᠬᠢᠰᠲᠤ ᠠᠶᠠᠯᠭᠤ ᠶᠢᠨ ᠴᠢᠮᠡᠭ ᠣᠨᠤᠯ ᠤᠨ ᠵᠠᠯᠭᠠᠮᠵᠢᠯᠠᠯ ᠬᠦᠭᠵᠢᠬᠦᠯᠦᠯ ᠤᠨ ᠲᠤᠬᠠᠢ ᠰᠢᠨᠵᠢᠯᠡᠬᠦ ᠨᠢ ᠮᠣᠩᠭᠤᠯᠴᠤᠳ ᠤᠨ ᠰᠠᠭᠤᠷᠢ ᠲᠡᠪᠢᠰᠭᠡᠷ ᠪᠤᠯᠬᠤ ᠪᠦᠭᠡᠳ ᠲᠡᠳᠡᠨ ᠤ ᠴᠢᠮᠡᠭ ᠤᠨ ᠤᠨᠤᠯ ᠤᠨ ᠬᠦᠭᠵᠢᠯᠲᠡ ᠳ᠋ᠤ ᠤᠷᠤᠭᠤᠯᠤᠭᠰᠠᠨ ᠬᠤᠪᠢ ᠨᠡᠮᠡᠷᠢ ᠵᠢ ᠨᠢ ᠲᠤᠳᠤᠷᠠᠭᠤᠯᠤᠨ ᠦᠨᠡᠯᠡᠬᠦ ᠳ᠋ᠤ ᠴᠦ ᠴᠢᠬᠤᠯᠠ ᠠᠴᠢ ᠬᠣᠯᠪᠤᠭᠳᠠᠯ ᠲᠠᠢ᠃
原文 没有原文
出自 内蒙古大学学报 2023年 第3期

联系我们


内蒙古大学图书馆
呼和浩特市大学西路235号
中国·内蒙古
P: (0471) 4992561
E: huangfeilong@imu.edu.cn