摘要 |
ᠬᠦᠮᠦᠰ ᠨᠡᠢᠭᠡᠮ ᠤᠨ ᠬᠠᠷᠢᠯᠴᠠᠭᠠᠨ ᠤ ᠶᠠᠪᠤᠴᠠ ᠳ᠋ᠤ ᠦᠭᠡ ᠬᠡᠯᠡ ᠪᠤᠶᠤᠦᠰᠦᠭ ᠪᠢᠴᠢᠭ ᠢᠢᠡᠷ ᠮᠡᠳᠡᠭᠡ ᠲᠠᠮᠵᠢᠭᠤᠯᠳᠠᠭ ᠡᠴᠡ ᠭᠠᠳᠠᠨ᠎ᠠ ᠦᠭᠡ ᠶᠠᠷᠢᠶᠠᠨ ᠤ ᠪᠤᠰᠤ ᠲᠡᠮᠳᠡᠭ ᠢᠢᠡᠷ ᠴᠦ ᠮᠡᠳᠡᠭᠡ ᠵᠠᠩᠭᠢ ᠲᠠᠮᠵᠢᠭᠤᠯᠳᠠᠭ᠃ 《 ᠮᠣᠩᠭᠤᠯ ᠤᠨ ᠨᠢᠭᠤᠴᠠ ᠲᠣᠪᠴᠢᠶᠠᠨ》 ᠳ᠋ᠤ ᠴᠢᠩᠬᠢᠰ ᠬᠠᠭᠠᠨ ᠵᠢᠴᠢ ᠲᠡᠭᠦᠨ ᠤ ᠲᠤᠭᠤᠷᠢᠨ ᠲ᠋ᠡᠬᠢ ᠲᠡᠦᠬᠡᠲᠦ ᠬᠦᠮᠦᠰ ᠤᠨ ᠨᠡᠢᠭᠡᠮ ᠤᠨ ᠬᠠᠷᠢᠯᠴᠠᠭ᠎ᠠ ᠵᠢ ᠭᠤᠤᠯᠯᠠᠨ ᠬᠦᠦᠷᠨᠢᠬᠦ ᠳ᠋ᠡᠭᠡᠨ ᠬᠦᠮᠦᠰ ᠤᠨ ᠦᠭᠡ ᠶᠠᠷᠢᠶ ᠠ ᠵᠢ ᠠᠮᠵᠢᠯᠲᠠ ᠲᠠᠢ ᠡᠰᠢᠯᠡᠭᠰᠡᠨ ᠡᠴᠡ ᠭᠠᠳᠠᠨ᠎ᠠ᠂ ᠦᠭᠡ ᠶᠠᠷᠢᠶᠠᠨ ᠤ ᠪᠣᠰᠤ ᠬᠠᠷᠢᠯᠴᠠᠭ᠎ᠠ ᠵᠢ ᠴᠦ ᠠᠩᠬᠠᠷᠤᠨ ᠲᠡᠮᠳᠡᠭᠯᠡᠭᠰᠡᠨ ᠪᠠᠢᠨ᠎ᠠ᠃ ᠡᠭᠦᠨ ᠳ᠋ᠤ ᠦᠭᠡ ᠶᠠᠷᠢᠶᠠᠨ ᠤ ᠪᠤᠰᠤ ᠲᠤᠭᠤᠢ ᠬᠠᠷᠢᠯᠴᠠᠭ᠎ᠠ 《 ᠮᠣᠩᠭᠤᠯ ᠤᠨ ᠨᠢᠭᠤᠴᠠ ᠲᠣᠪᠴᠢᠶᠠᠨ》 ᠳ᠋ᠤ ᠠᠷᠪᠠᠨ ᠬᠤᠶᠠᠷ ᠤᠳᠠᠭ᠎ᠠ ᠲᠡᠮᠳᠡᠭᠯᠡᠭᠳᠡᠭᠰᠡᠨᠨᠢ ᠨᠡᠢᠭᠡᠮ ᠤᠨ ᠬᠠᠷᠢᠯᠴᠠᠭᠠᠨ ᠤ ᠦᠢᠯᠡᠳᠦᠯᠭᠡ ᠳ᠋ᠤ ᠬᠡᠷᠡᠭᠯᠡᠭᠡᠨ ᠤ ᠦᠷᠲᠡᠭ ᠲᠠᠢ ᠪᠡᠷ ᠦᠯᠦ ᠪᠠᠷᠠᠮ ᠰᠣᠨᠢᠨ ᠮᠡᠳᠡᠭᠡᠨ ᠤ ᠪᠢᠴᠢᠯᠭᠡ ᠳ᠋ᠤ ᠴᠦ ᠯᠠᠪᠯᠠᠯᠲᠠ ᠶᠢᠨ ᠦᠷᠲᠡᠭ ᠲᠠᠢ ᠶᠤᠮ᠃ |