论文信息


题名 ᠲᠠᠢᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠤ ᠦᠶ ᠡ ᠳ᠋ᠤ ᠯᠢᠨᠰᠢ ᠰᠢᠶᠠᠨ ᠪᠠᠢᠭᠤᠯᠤᠭᠳᠠᠭᠰᠠᠨ ᠵᠢᠴᠢ ᠲᠡᠭᠦᠨ ᠤ ᠬᠢᠯᠢ ᠬᠢᠵᠠᠭᠠᠷ ᠤᠨ ᠬᠤᠪᠢᠷᠠᠯᠲᠠ ᠶᠢᠨ ᠲᠤᠬᠠᠢ ᠰᠣᠳᠤᠯᠤᠯ
作者 ᠡᠭᠦᠯᠡᠰ
关键词 ᠪᠠᠭᠠᠷᠢᠨ ᠬᠤᠶᠠᠷ ᠬᠤᠰᠢᠭᠤ︔ ᠯᠢᠨᠰᠢ ᠰᠢᠶᠠᠨ︔ ᠬᠢᠯᠢ ᠬᠢᠵᠠᠭᠠᠷ ᠤᠨ ᠬᠣᠪᠢᠷᠠᠯᠲᠠ
摘要 ᠲᠤᠰ ᠦᠭᠦᠯᠡᠯ ᠳ᠋ᠤ ᠭᠤᠤᠯᠳᠠᠭᠤ ᠲᠤᠮᠳᠠᠳᠤ ᠤᠯᠤᠰ ᠤᠨ ᠨᠢᠭᠡᠳᠦᠭᠡᠷ ᠲᠡᠦᠬᠡ ᠶᠢᠨ ᠠᠷᠬᠢᠪ ᠲᠤ ᠬᠠᠳᠠᠭᠠᠯᠠᠭᠳᠠᠵᠤ ᠪᠠᠢᠭ᠎ᠠ ᠪᠠᠭᠠᠷᠢᠨ ᠬᠤᠶᠠᠷ ᠬᠤᠰᠢᠭᠤᠨ ᠳ᠋ᠤ ᠬᠣᠯᠪᠤᠭᠳᠠᠬᠤ ᠲᠠᠩᠰᠠ ᠡᠪᠬᠡᠮᠡᠯ᠂ 《ᠪᠠᠳᠠᠷᠠᠭᠤᠯᠲᠤ ᠲᠦᠷᠦ ᠶᠢᠨ ᠦᠶ ᠠ ᠶᠢᠨ ᠤᠯᠠᠭᠠᠨ ᠪᠢᠷ ᠢᠢᠡᠷ ᠴᠣᠬᠤᠯᠠᠭᠰᠠᠨ ᠠᠢᠯᠠᠳᠬᠠᠯ ᠤᠨ ᠪᠢᠴᠢᠭ》᠂ ᠪᠠᠭᠠᠷᠢᠨ ᠬᠤᠶᠠᠷ ᠬᠤᠰᠢᠭᠤᠨ ᠤ ᠨᠤᠲᠤᠭ ᠤᠨ ᠵᠢᠷᠤᠭ ᠵᠡᠷᠭᠡ ᠵᠢ ᠠᠰᠢᠭᠯᠠᠨ ᠲᠠᠢᠴᠢᠩ ᠤᠯᠤᠰ ᠤᠨ ᠰᠡᠭᠦᠯᠴᠢ᠂ ᠢᠷᠭᠡᠨ ᠤᠯᠤᠰ ᠤᠨ ᠡᠬᠢᠨ ᠤ ᠦᠶ ᠡ ᠳ᠋ᠤ ᠯᠢᠨᠰᠢ ᠰᠢᠶᠠᠨ ᠪᠠᠢᠭᠤᠯᠤᠭᠳᠠᠭᠰᠠᠨ ᠵᠢᠴᠢ ᠲᠡᠭᠦᠨ ᠤ ᠬᠢᠯᠢ ᠬᠢᠵᠠᠭᠠᠷ ᠤᠨ ᠬᠤᠪᠢᠷᠠᠯᠲᠠ ᠶᠢᠨ ᠲᠤᠬᠠᠢ ᠰᠣᠳᠤᠯᠪᠠ᠃ ᠬᠠᠮᠢᠶ ᠠ ᠪᠦᠬᠦᠢ ᠮᠠᠲ᠋ᠸᠷᠢᠶᠠᠯ ᠢ ᠦᠰᠳᠦᠰᠦᠯᠡᠪᠡᠯ᠂ ᠪᠠᠭᠠᠷᠢᠨ ᠬᠤᠶᠠᠷ ᠬᠤᠰᠢᠭᠤ ᠲᠠᠪᠤᠤᠳᠠᠭ᠎ᠠ ᠠᠲᠠᠷ ᠬᠠᠭᠠᠯᠪᠤᠷᠢᠯᠠᠬᠤ ᠪᠡᠷ ᠭᠠᠵᠠᠷ ᠢᠢᠡᠨ ᠲᠡᠭᠡᠭᠰᠢ ᠮᠡᠳᠡᠭᠦᠯᠦᠭᠰᠡᠨ ᠪᠠ ᠬᠡᠰᠢᠭᠲᠡᠨ ᠬᠤᠰᠢᠭᠤᠨ ᠯᠤᠭ᠎ᠠ ᠶᠢᠨ ᠨᠢᠭᠡ ᠤᠳᠠᠭᠠᠨ ᠤ ᠨᠤᠲᠤᠭ ᠪᠡᠯᠴᠢᠭᠡᠷ ᠤᠨ ᠵᠠᠷᠭᠤᠯᠳᠤᠭᠠᠨ ᠢᠢᠡᠷ ᠲᠠᠮᠵᠢᠵᠦ᠂ ᠤᠳᠤ ᠶᠢᠨ ᠯᠢᠨᠰᠢ ᠰᠢᠶᠠᠨ ᠤ ᠬᠦᠷᠢᠶ ᠠ ᠬᠡᠪᠰᠢᠶ ᠠ ᠲᠤᠭᠲᠤᠭᠲᠠᠭᠠᠭᠰᠠᠨ ᠪᠠᠢᠨ᠎ᠠ᠃ ᠡᠨᠡ ᠬᠦ ᠰᠣᠳᠤᠯᠭᠠᠨ ᠢᠡᠢᠷ ᠲᠠᠮᠵᠭᠤᠯᠵᠤ ᠮᠣᠩᠭᠤᠯ ᠬᠤᠰᠢᠭᠤᠳ ᠤᠨ ᠠᠲᠠᠷ ᠬᠠᠭᠠᠯᠪᠤᠷᠢᠯᠠᠬᠤ ᠪᠡᠷ ᠭᠠᠵᠠᠷ ᠢᠢᠡᠨ ᠲᠡᠭᠡᠭᠰᠢ ᠮᠡᠳᠡᠭᠦᠯᠦᠭᠰᠡᠨ ᠡᠬᠢ ᠠᠳᠠᠭ ᠵᠢᠴᠢ ᠯᠢᠨᠰᠢ (ᠪᠠᠭᠠᠷᠢᠨ ᠤ ᠠᠲᠠᠷ ᠬᠠᠭᠠᠯᠪᠤᠷᠢᠯᠠᠯᠲᠠ ᠶᠢᠨ ᠶᠠᠪᠤᠳᠠᠯ ᠤᠨ ᠲᠤᠪᠴᠢᠢ ᠠ) ᠵᠡᠷᠭᠡ ᠰᠢᠨ᠎ᠠ ᠪᠡᠷ ᠪᠠᠢᠭᠤᠯᠤᠭᠳᠠᠭᠰᠠᠨ ᠰᠢᠶᠠᠨ ᠤ ᠬᠢᠯᠦ ᠬᠢᠵᠠᠭᠠᠷ ᠤᠨ ᠲᠠᠰᠤᠷᠠᠯᠲᠠ ᠦᠭᠡᠢ ᠦᠷᠭᠡᠵᠢᠭᠰᠡᠨ ᠶᠠᠪᠤᠴᠠ ᠵᠢ ᠬᠠᠷᠠᠭᠤᠯᠬᠤ ᠵᠢ ᠵᠣᠢᠪᠠ᠃
原文 没有原文
出自 内蒙古大学学报 2023年 第3期

联系我们


内蒙古大学图书馆
呼和浩特市大学西路235号
中国·内蒙古
P: (0471) 4992561
E: huangfeilong@imu.edu.cn