题名 |
ᠲᠦᠷᠪᠡᠯᠵᠢᠨ ᠦᠰᠦᠭ ᠬᠢᠭᠡᠳ ᠲᠡᠭᠦᠨ ᠤ ᠰᠣᠷᠪᠤᠯᠵᠢᠰ ᠢ ᠬᠡᠯᠡᠨ ᠤ ᠤᠢᠷᠠᠲᠤᠯᠴᠠᠭᠠᠨ ᠡᠴᠡ ᠰᠣᠳᠤᠯᠬᠤ ᠰᠢᠨ᠎ᠠ ᠬᠠᠷᠭᠠᠰᠤ |
作者 |
ᠴᠠᠭᠠᠨᠰᠠᠷ᠎ᠠ |
关键词 |
ᠳᠦᠷᠪᠡᠯᠵᠢᠨ ᠦᠰᠦᠭ︔ ᠮᠠᠲ᠋ᠸᠷᠢᠶᠠᠯ ᠤᠨ ᠬᠡᠯᠡ︔ ᠤᠢᠷᠠᠲᠤᠯᠴᠠᠭᠠ |
摘要 |
ᠳᠦᠷᠪᠡᠯᠵᠢᠨ ᠦᠰᠦᠭ ᠤᠨ ᠮᠠᠲ᠋ᠸᠷᠢᠶᠠᠯ ᠳ᠋ᠤ ᠮᠣᠩᠭᠤᠯ᠂ ᠬᠢᠲᠠᠳ᠂ ᠲᠦᠪᠡᠳ ᠵᠡᠷᠭᠡ ᠠᠳᠠᠯᠢ ᠪᠣᠰᠤ ᠶᠢᠨ ᠬᠡᠯᠡᠨ ᠤ ᠮᠠᠲ᠋ᠸᠷᠢᠶᠠᠯ ᠤᠳ ᠪᠠᠢᠳᠠᠭ᠃ ᠲᠡᠳᠡᠭᠡᠷ ᠨᠢ ᠬᠡᠯᠡᠨ ᠤ ᠤᠢᠷᠠᠯᠴᠠᠭ᠎ᠠ ᠪᠤᠶᠤ ᠦᠭᠡ ᠬᠡᠯᠡ ᠪᠠ ᠦᠰᠦᠭ ᠪᠢᠴᠢᠭ ᠤᠨ ᠨᠦᠯᠦᠭᠡᠯᠡᠯ ᠢ ᠵᠤᠬᠢᠬᠤ ᠬᠡᠮᠵᠢᠶ ᠠ ᠪᠡᠷ ᠬᠠᠷᠠᠭᠤᠯᠤᠭᠰᠠᠨ ᠪᠠᠢᠳᠠᠭ᠃ ᠬᠡᠯᠡᠨ ᠤ ᠤᠢᠷᠠᠳᠤᠯᠴᠠᠭᠠ ᠳ᠋ᠤ ᠪᠠᠢᠭᠠᠯᠢᠯᠢᠭ ᠪᠠ ᠪᠠᠢᠭᠠᠯᠢᠯᠢᠭ ᠪᠤᠰᠤ ᠬᠤᠶᠠᠷ ᠲᠦᠷᠦᠯ ᠪᠠᠢᠳᠠᠭ᠃ ᠪᠠᠢᠭᠠᠯᠢᠯᠢᠭ ᠪᠤᠰᠤ ᠬᠡᠯᠡᠨ ᠤ ᠤᠢᠷᠠᠲᠤᠯᠴᠠᠭᠠ ᠭᠡᠳᠡᠭ ᠨᠢ ᠠᠳᠠᠯᠢ ᠪᠣᠰᠤ ᠣᠷᠤᠨ ᠵᠠᠢ ᠳ᠋ᠤ ᠶᠠᠪᠭᠳᠠᠭᠰᠠᠨ ᠦᠰᠦᠭ ᠪᠢᠴᠢᠭ ᠤᠨ ᠬᠡᠯᠪᠡᠷᠢ ᠪᠡᠷ ᠲᠠᠮᠵᠢᠨ ᠡᠭᠦᠰᠦᠭᠰᠡᠨ ᠤᠢᠷᠠᠲᠤᠯᠴᠠᠭᠠ ᠵᠢ ᠵᠢᠭᠠᠵᠤ ᠪᠤᠢ᠃ ᠲᠦᠷᠪᠡᠯᠵᠢᠨ ᠦᠰᠦᠭ ᠪᠠ ᠲᠦᠷᠪᠡᠯᠵᠢᠨ ᠦᠰᠦᠭ ᠤᠨ ᠮᠠᠲ᠋ᠸᠷᠢᠶᠠᠯ ᠤᠳ ᠲᠤ ᠡᠢᠮᠦᠷᠬᠦᠦ ᠬᠡᠯᠡᠨ ᠤ ᠤᠢᠷᠠᠲᠤᠯᠴᠠᠭᠠ ᠪᠠ ᠨᠦᠯᠦᠭᠡᠯᠡᠯ ᠨᠡᠯᠢᠶᠡᠳ ᠪᠠᠶᠠᠯᠢᠭ ᠲᠤᠰᠬᠠᠭᠳᠠᠵᠤ ᠪᠠᠢᠭ᠎ᠠ ᠪᠣᠯᠪᠠᠴᠤ ᠦᠩᠭᠡᠷᠡᠭᠰᠡᠨ ᠳ᠋ᠤ ᠲᠡᠳᠦᠢ ᠯᠡ ᠰᠢᠰᠲ᠋ᠸᠮ ᠲᠠᠢ ᠰᠣᠳᠤᠯᠤᠭᠠ ᠦᠭᠡᠢ ᠪᠠᠢᠵᠠᠢ᠃ ᠡᠢᠨ ᠬᠦ ᠲᠤᠰ ᠦᠭᠦᠯᠡᠯ ᠳ᠋ᠤ ᠪᠠᠢᠭᠠᠯᠢᠯᠢᠭ ᠪᠤᠰᠤ ᠬᠡᠯᠡᠨ ᠤ ᠤᠢᠷᠠᠲᠤᠯᠴᠠᠭᠠᠨ ᠤ ᠬᠠᠷᠭᠠᠰᠤ ᠡᠴᠡ ᠲᠦᠷᠪᠡᠯᠵᠢᠨ ᠦᠰᠦᠭ ᠪᠠ ᠲᠡᠭᠦᠨ ᠤ ᠮᠠᠲ᠋ᠸᠷᠢᠶᠠᠯ ᠢ ᠰᠣᠳᠤᠯᠬᠤ ᠣᠷᠤᠨ ᠵᠠᠢ ᠪᠠ ᠪᠤᠯᠤᠮᠵᠢ ᠵᠢ ᠲᠦᠷᠪᠡᠨ ᠲᠠᠯ ᠠ ᠡᠴᠡ ᠦᠭᠦᠯᠡᠭᠰᠡᠨ ᠪᠠᠢᠨ᠎ᠠ᠃ |
原文 |
没有原文
|
出自 |
内蒙古大学学报
2023年
第1期
|